ᠰᠢᠨ᠎ᠡ ᠨᠡᠮᠡᠭᠰᠡᠨ ᠨᠣᠮ ᠤᠳ

ᠣᠲᠣᠭ ᠤᠨ ᠪᠠᠷᠠᠭᠤᠨ ᠵᠠᠬ᠎ᠠ ᠶᠢᠨ ᠭᠤᠷᠪᠠᠨ ᠲᠤᠯᠤᠯᠳᠤᠭᠠᠨ
ᠣᠲᠣᠭ ᠤᠨ ᠪᠠᠷᠠᠭᠤᠨ ᠵᠠᠬ᠎ᠠ ᠶᠢᠨ ᠭᠤᠷᠪᠠᠨ ᠲᠤᠯᠤᠯᠳᠤᠭᠠᠨ
ᠮᠣᠩᠭᠣᠯ ᠬᠡᠯᠡᠴᠡ ᠶᠢᠨ ᠳᠠᠯᠠᠢ
ᠣᠷᠳᠣᠰ ᠰᠣᠶᠣᠯ ᠵᠠᠩ ᠦᠢᠯᠡ
ᠮᠣᠩᠭᠤᠯ ᠡᠮ ᠤᠨ ᠵᠢᠷᠤᠭᠲᠤ ᠲᠣᠯᠢ
ᠮᠣᠩᠭᠤᠯ ᠡᠮ ᠤᠨ ᠵᠢᠷᠤᠭᠲᠤ ᠲᠣᠯᠢ
ᠢᠰᠢᠳᠠᠨᠽᠢᠨᠸᠠᠩᠵᠢᠯ ᠤᠨ ᠵᠣᠬᠢᠶᠠᠯ ᠪᠦᠲᠦᠭᠡᠯ
ᠭᠤᠤ ᠸᠸ᠋ᠨ ᠵᠢᠦᠢ ᠶᠢᠨ ᠦᠯᠢᠭᠡᠷ ᠦᠨ ᠳᠡᠪᠲᠡᠷ ᠣᠷᠣᠰᠢᠪᠠ
ᠣᠷᠳᠣᠰ ᠤᠨ ᠠᠮᠠᠨ ᠵᠣᠬᠢᠶᠠᠯ
ᠣᠷᠳᠣᠰ ᠠᠮᠠᠨ ᠠᠶᠠᠯᠭᠤᠨ ᠤ ᠦᠭᠡᠰ ᠦᠨ ᠬᠤᠷᠢᠶᠠᠩᠭᠤᠢ
ᠣᠷᠳᠣᠰ ᠠᠮᠠᠨ ᠠᠶᠠᠯᠭᠤᠨ ᠤ ᠦᠭᠡᠰ ᠦᠨ ᠬᠤᠷᠢᠶᠠᠩᠭᠤᠢ
ᠣᠷᠳᠣᠰ ᠮᠣᠩᠭᠣᠯ ᠠᠷᠠᠳ ᠤᠨ ᠳᠠᠭᠤᠤ ᠣᠲᠣᠭ ᠤᠨ ᠡᠮᠦᠨᠡᠲᠦ ᠬᠣᠰᠢᠭᠤᠨ ᠤ ᠪᠣᠳᠢ
ᠪᠠᠳᠠᠷᠠᠩᠭᠤᠢ ᠥᠩᠰᠡᠭ ᠰᠠᠢᠬᠠᠨ - ᠬᠣᠩᠭᠢᠯ ᠵᠢᠷᠭᠠᠯ ᠤᠨ ᠰᠢᠯᠦᠭ ᠳᠠᠭᠤᠤ
ᠦᠯᠡᠮᠵᠢ ᠦᠭᠡᠨ ᠦ ᠥᠭᠡᠳᠡᠰᠦ ᠶᠢᠨ ᠴᠢᠭᠤᠯᠭᠠᠨ

ᠮᠣᠩᠭᠣᠯ ᠨᠣᠮ ᠬᠡᠪᠯᠡᠯ ᠦᠨ ᠮᠦᠽᠧᠢ

...
ᠮᠣᠩᠭᠣᠯ ᠰᠣᠨᠢᠨ ᠰᠡᠳᠬᠦᠯ ᠦᠨ ᠲᠡᠦᠬᠡ

ᠳᠤᠮᠳᠠᠳᠤ ᠤᠯᠤᠰ ᠤᠨ ᠮᠣᠩᠭᠣᠯ ᠰᠣᠨᠢᠨ ᠰᠡᠳᠬᠦᠯ  ᠦᠨ ᠲᠡᠦᠬᠡ ᠶᠢ ᠬᠣᠷᠢᠳᠤᠭᠠᠷ ᠵᠠᠭᠤᠨ ᠤ ᠡᠬᠢᠨ ᠦ ᠦᠶ᠎ᠡ ᠪᠣᠯᠣᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ ᠠᠴᠠ ᠬᠣᠢᠰᠢ ᠭᠡᠵᠦ ᠬᠣᠶᠠᠷ ᠴᠢᠬᠤᠯᠠ ᠱᠠᠲᠤ ᠦᠶ᠎ᠡ ᠬᠤᠪᠢᠶᠠᠨ ᠦᠵᠡᠳᠡᠭ᠃ ᠮᠠᠨᠵᠤ ᠴᠢᠩ ᠦᠨ ᠰᠡᠭᠦᠯᠴᠢ ᠶᠢᠨ ᠦᠶ᠎ᠡ ᠳᠦ ᠮᠣᠩᠭᠣᠯ ᠬᠡᠯᠡᠨ ᠦ ᠰᠣᠨᠢᠨ ᠰᠡᠳᠬᠦᠯ ᠴᠥᠭᠡᠨ ᠪᠠᠢᠳᠠᠭ᠃ ᠵᠣᠰᠣᠲᠤ ᠶᠢᠨ ᠴᠢᠭᠤᠯᠭᠠᠨ ᠤ ᠬᠠᠷᠠᠴᠢᠨ ᠬᠣᠰᠢᠭᠤᠨ ᠤ ᠁

...
ᠨᠠᠢ᠌ᠮᠠᠨ ᠮᠤᠵᠢ ᠣᠷᠣᠨ ᠤ ᠬᠡᠪᠯᠡᠯ ᠦᠨ ᠬᠣᠷᠢᠶ᠎ᠠ

ᠥᠪᠥᠷ ᠮᠣᠩᠭᠣᠯ ᠤᠨ ᠬᠡᠪᠯᠡᠯ ᠦᠨ ᠪᠦᠯᠦᠭᠯᠡᠯ᠂ ᠥᠪᠥᠷ ᠮᠣᠩᠭᠣᠯ ᠤᠨ ᠰᠤᠷᠭᠠᠨ ᠬᠥᠮᠥᠵᠢᠯ ᠦᠨ ᠬᠡᠪᠯᠡᠯ ᠦᠨ ᠬᠣᠷᠢᠶ᠎ᠠ᠂ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ᠂ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠬᠡᠪᠯᠡᠯ ᠦᠨ ᠬᠣᠷᠢᠶ᠎ᠠ᠂ ᠥᠪᠥᠷ ᠮᠣᠩᠭᠣᠯ ᠤᠨ ᠪᠠᠭᠠᠴᠤᠳ ᠬᠡᠦᠬᠡᠳ ᠦᠨ ᠬᠡᠪᠯᠡᠯ ᠦᠨ ᠬᠣᠷᠢᠶ᠎ᠠ᠂ ᠥᠪᠥᠷ ᠮᠣᠩᠭᠣᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠬᠡᠪᠯᠡᠯ ᠦᠨ ᠬᠣᠷᠢᠶ᠎ᠠ ᠁

...
ᠮᠣᠩᠭᠣᠯ ᠦᠰᠦᠭ ᠪᠢᠴᠢᠭ ᠦᠨ ᠲᠡᠦᠬᠡ

ᠮᠣᠩᠭᠣᠯ ᠦᠨᠳᠦᠰᠦᠲᠡᠨ  ᠦ ᠥᠨᠢ ᠤᠳᠠᠭᠠᠨ ᠦᠰᠦᠭ ᠪᠢᠴᠢᠭ ᠦᠨ ᠲᠡᠦᠬᠡᠨ ᠳᠦ ᠤᠷᠢᠳ ᠬᠣᠵᠢᠳ ᠤᠢᠭᠤᠷᠵᠢᠨ ᠮᠣᠩᠭᠣᠯ ᠦᠰᠦᠭ ᠂ ᠳᠦᠷᠪᠡᠯᠵᠡᠨ ᠦᠰᠦᠭ( ᠫᠠᠭᠪᠠ ᠦᠰᠦᠭ ) ᠂ ᠮᠣᠩᠭᠣᠯ ᠦᠭᠡ ᠶᠢᠨ ᠬᠢᠲᠠᠳ ᠭᠠᠯᠢᠭᠯᠠᠯ ᠂ ᠠᠯᠢ ᠭᠠᠯᠢ ᠦᠰᠦᠭ ᠂ ᠲᠣᠳᠣ ᠦᠰᠦᠭ ᠂ ᠰᠣᠶᠣᠮᠪᠤ ᠦᠰᠦᠭ ᠂ ᠸᠠᠭᠢᠨᠲᠠᠷ᠎ᠠ ᠦᠰᠦᠭ ᠂ ᠯᠠᠲ᠋ᠢᠨ ᠦᠰᠦᠭ ᠂ ᠺᠢᠷᠢᠯ ᠦᠰᠦᠭ ᠵᠡᠷᠭᠡ ᠦᠰᠦᠭ ᠪᠢᠴᠢᠭ( ᠪᠤᠶᠤ ᠲᠡᠮᠳᠡᠭᠯᠡᠬᠦ ᠬᠡᠯᠪᠡᠷᠢ )᠁

...
ᠮᠣᠩᠭᠣᠯ ᠪᠠᠷ ᠬᠡᠪᠯᠡᠯ ᠦᠨ ᠲᠡᠦᠬᠡ

《 ᠴᠢᠩᠭᠢᠰ ᠦᠨ ᠴᠢᠯᠠᠭᠤᠨ ᠪᠢᠴᠢᠭ 》( ᠴᠢᠯᠠᠭᠤᠨ ᠪᠢᠴᠢᠭ )᠂ 《 ᠶᠡᠬᠡ ᠮᠣᠩᠭᠣᠯ ᠤᠨ ᠳᠠᠯᠠᠢ ᠶᠢᠨ ᠬᠠᠭᠠᠨ ᠤ ᠲᠠᠮᠠᠭ᠎ᠠ ( ᠭᠦᠶᠦᠭ ᠬᠠᠭᠠᠨ ᠤ ᠲᠠᠮᠠᠭ᠎ᠠ )》( ᠲᠠᠮᠠᠭᠠᠨ ᠪᠢᠴᠢᠭ )᠂ 《 ᠶᠡᠬᠡ ᠴᠠᠭᠠᠵᠠᠨ ᠤ ᠪᠢᠴᠢᠭ( ᠳᠦᠷᠪᠡᠨ ᠣᠢᠷᠠᠳ ᠤᠨ ᠴᠠᠭᠠᠵᠠ ᠶᠢᠨ ᠪᠢᠴᠢᠭ )》( ᠦᠢᠰᠦᠨ ᠪᠢᠴᠢᠭ )᠂ ᠤᠢᠭᠤᠷᠵᠢᠨ ᠮᠣᠩᠭᠣᠯ ᠦᠰᠦᠭ ᠦᠨ《 ᠠᠴᠢᠯᠠᠯᠲᠤ ᠨᠣᠮ( ᠲᠠᠬᠢᠮᠳᠠᠭᠤ ᠪᠢᠴᠢᠭ )》᠂ ᠴᠢᠯᠠᠭᠤᠨ ᠪᠠᠷ᠂ ᠬᠤᠷᠭᠤᠯᠵᠢᠨ  ᠁

ᠣᠳᠣᠳ ᠤᠨ ᠭᠢᠯᠪᠠᠭ᠎ᠠ

ᠮᠢᠩᠭᠠᠨᠲᠤ

ᠮᠢᠩᠭᠠᠲᠤ ( 1692 — 1765 ) ᠂ ᠡᠷᠭᠦᠭᠰᠡᠨ ᠨᠡᠷ᠎ᠡ ᠵᠢᠩ ᠠᠨ ᠃ ᠴᠢᠩ ᠤᠯᠤᠰ ᠠᠴᠠ ᠦᠶ᠎ᠡ ᠶᠢᠨ ᠮᠣᠩᠭᠣᠯ ᠦᠨᠳᠦᠰᠦᠲᠡᠨ ᠦ ᠭᠠᠷᠮᠠᠭᠠᠶ ᠲᠣᠭᠠᠨ ᠤ ᠤᠬᠠᠭᠠᠨᠲᠠᠨ ᠂ ᠤᠳᠤᠨ ᠣᠷᠣᠨ ᠤ ᠵᠢᠷᠤᠬᠠᠶ ᠶᠢᠨ ᠤᠬᠠᠭᠠᠨᠲᠠᠨ ᠪᠠ ᠬᠡᠮᠵᠢᠨ ᠵᠢᠷᠤᠬᠤ ᠤᠬᠠᠭᠠᠨᠲᠠᠨ ᠪᠣᠯ ᠲᠡᠸᠬᠡᠨ ᠳᠡᠭᠡᠷ᠎ᠡ ᠴᠥᠭᠡᠨ ᠪᠠᠶᠳᠠᠭ ᠣᠯᠠᠨ ᠰᠢᠨᠵᠢᠯᠡᠭᠡᠨ ᠦ ᠰᠠᠯᠠᠭᠠᠨ ᠤ ᠰᠢᠨᠵᠢᠯᠡᠬᠦ ᠤᠬᠠᠭᠠᠨᠲᠠᠨ ᠤ ᠨᠢᠭᠡ ᠪᠣᠯᠤᠨ᠎ᠠ ᠃ ᠲᠡᠭᠦᠨ ᠦ ᠡᠷᠳᠡᠮ ᠮᠡᠳᠡᠯᠭᠡ ᠥᠷᠭᠡᠨ ᠂ ᠰᠤᠳᠤᠯᠭᠠᠨ ᠤ ᠬᠦᠷᠢᠶ᠎ᠡ ᠬᠡᠪᠴᠢᠶ᠎ᠡ ᠥᠷᠭᠡᠨ ᠂ ᠲᠣᠭᠠᠨ ᠤ ᠤᠬᠠᠭᠠᠨ ᠤ ᠰᠤᠳᠤᠯᠭᠠᠨ ᠤ ᠳᠤᠮᠳᠠ ᠶᠡᠬᠡ ᠭᠠᠪᠢᠶ᠎ᠠ ᠵᠢᠳᠬᠦᠯ ᠭᠠᠷᠭᠠᠭᠰᠠᠨ ᠢᠶᠠᠷ ᠪᠠᠷᠠᠬᠤ ᠦᠭᠡᠢ ᠂ ᠣᠳᠣᠨ ᠣᠷᠣᠨ ᠵᠢᠷᠤᠬᠠᠶ ᠂ ᠭᠠᠵᠠᠷ ᠤᠨ ᠵᠢᠷᠤᠭ ᠬᠡᠮᠵᠢᠨ ᠵᠢᠷᠤᠬᠤ ᠵᠡᠷᠭᠡ ᠲᠠᠯ᠎ᠠ ᠪᠠᠷ ᠴᠤ ᠯᠤᠲᠤ ᠶᠡᠬᠡ ᠬᠤᠪᠢ ᠨᠡᠮᠡᠷᠢ ᠦᠵᠡᠭᠦᠯᠦᠭᠰᠡᠨ ᠢ ᠪᠠᠶᠢᠨ᠎ᠠ ᠃ ᠲᠩᠷᠢ ᠲᠡᠳᠬᠦᠭᠴᠢ ᠶᠢᠨ ᠬᠣᠷᠢᠨ ᠨᠢᠭᠡᠳᠦᠭᠡᠷ ᠣᠨ ︵ 1756 ᠣᠨ ︶ ᠂ ᠬᠣᠷᠢᠨ ᠳᠥᠷᠪᠡᠳᠦᠭᠡᠷ ᠣᠨ ︵ 1759 ᠣᠨ ︶  ᠳᠤ ᠬᠣᠶᠠᠷ ᠤᠳᠠᠭ᠎ᠠ ᠰᠢᠨᠵᠢᠶᠠᠩ ᠤᠨ ᠪᠠᠷᠠᠭᠤᠨ ᠬᠣᠶᠢᠲᠤ ᠣᠷᠣᠨ ᠤ ᠭᠠᠵᠠᠷ ᠵᠦᠶ ᠶᠢᠨ ᠬᠡᠮᠵᠢᠯᠲᠡ ᠶᠢᠨ ᠠᠵᠢᠯ ᠳᠤ ᠣᠷᠣᠯᠴᠠᠵᠤ ᠂ ᠶᠡᠬᠡ ᠬᠡᠮᠵᠢᠶᠡᠨ ᠦ ᠰᠢᠨᠵᠢᠯᠡᠬᠦ ᠤᠬᠠᠭᠠᠨ ᠤ ᠮᠠᠲ᠋ᠧᠷᠢᠶᠠᠯ ᠢ ᠣᠯᠵᠤ ᠂ ︽ ᠲᠩᠷᠢ ᠲᠡᠳᠬᠦᠭᠴᠢ ᠶᠢᠨ ᠳᠣᠲᠣᠭᠠᠳᠤ ᠣᠷᠳᠣᠨ ᠤ ᠶᠠᠷᠢᠶ᠎ᠠ ᠬᠡᠯᠡᠯᠴᠡᠭᠡᠨ ᠦ ᠵᠢᠷᠤᠭ ︾ ᠪᠠ ︽ ᠬᠠᠭᠠᠨ ᠤ ᠣᠷᠳᠣᠨ ᠤ ᠪᠠᠷᠠᠭᠤᠨ ᠬᠢᠵᠠᠭᠠᠷ ᠤᠨ ᠭᠠᠵᠠᠷ ᠤᠨ ᠵᠢᠷᠤᠭ ᠤᠨ ᠣᠶᠢᠯᠠᠯᠭ᠎ᠠ ︾  ᠶᠢ ᠵᠢᠷᠤᠬᠤ ᠳᠤ ᠨᠥᠬᠥᠴᠡᠯ ᠬᠠᠩᠭᠠᠵᠤ ᠂ ᠠᠵᠢᠯ ᠤᠨ ᠳᠤᠮᠳᠠ ᠪᠠᠨ ᠭᠠᠷᠮᠠᠭᠠᠶ ᠠᠮᠵᠢᠯᠲᠠ ᠣᠯᠵᠤ ᠂ ᠣᠳᠣᠨ ᠣᠷᠣᠨ ᠂ ᠵᠢᠷᠤᠬᠠᠶ ᠂ ᠴᠠᠭ ᠠᠭᠤᠷ ᠢ ᠲᠤᠬᠠᠶ ᠶᠢᠨ ᠭᠠᠵᠠᠷ ᠲᠤᠨᠢ ᠠᠵᠢᠭᠯᠠᠨ ᠰᠢᠨᠵᠢᠵᠦ ᠂ ᠰᠢᠨᠵᠢᠯᠡᠬᠦ ᠤᠬᠠᠭᠠᠨ ᠤ ᠰᠤᠳᠤᠯᠭᠠᠨ ᠬᠢᠵᠡᠶ ᠃ ] ᠨᠠᠶᠢᠷᠠᠯᠲᠤ ᠲᠥᠪ ᠦᠨ ᠨᠠᠶᠮᠠᠳᠤᠭᠠᠷ ᠣᠨ ︵ 1730 ᠣᠨ ︶  ᠳᠤ ︽ ᠡᠳᠦᠷ ᠰᠠᠷ᠎ᠠ ᠶᠢᠨ ᠰᠠᠯᠤᠯᠲᠠ ᠶᠢᠨ ᠬᠦᠰᠦᠨᠦᠭᠲᠦ ︾  ᠶᠢ ᠵᠠᠰᠠᠨ ᠨᠠᠶᠢᠷᠠᠭᠤᠯᠵᠤ ᠂ ᠲᠩᠷᠢ ᠲᠡᠳᠬᠦᠭᠴᠢ ᠶᠢᠨ ᠬᠣᠶᠠᠳᠤᠭᠠᠷ ᠣᠨ ᠠᠴᠠ ᠳᠣᠯᠣᠳᠤᠭᠠᠷ ᠣᠨ ︵ 1737 — — 1742 ᠣᠨ ︶ ᠬᠦᠷᠲᠡᠯ᠎ᠡ ᠠᠷᠪᠠᠨ ᠪᠣᠳᠢ ᠳᠤ ᠣᠷᠣᠯᠴᠠᠵᠤ ᠂ ᠳᠤᠮᠳᠠᠳᠤ ᠪᠠᠷᠠᠭᠤᠨ ᠣᠷᠣᠨ ᠤ ᠣᠳᠣᠨ ᠣᠷᠣᠨ ᠵᠢᠷᠤᠬᠠᠶ ᠶᠢᠨ ᠰᠢᠨᠵᠢᠯᠡᠬᠦ ᠤᠬᠠᠭᠠᠨ ᠤ ᠰᠢᠨ᠎ᠡ ᠦᠷ᠎ᠡ ᠪᠦᠲᠦᠭᠡᠯ ᠢ ᠲᠤᠰᠬᠠᠨ ᠂ ᠴᠢᠩ ᠤᠯᠤᠰ ᠠᠴᠠ ᠦᠶ᠎ᠡ ᠶᠢᠨ ᠵᠢᠷᠤᠬᠠᠶ ᠨᠠᠶᠢᠷᠠᠭᠤᠯᠤᠨ ᠵᠣᠬᠢᠶᠠᠬᠤ ᠦᠨᠳᠦᠰᠦᠯᠡᠯ ᠪᠣᠯᠭᠠᠵᠤ ᠂ ᠲᠩᠷᠢ ᠲᠡᠳᠬᠦᠭᠴᠢ ᠶᠢᠨ ᠶᠢᠰᠦᠳᠦᠭᠡᠷ ᠣᠨ ᠠᠴᠠ ᠠᠷᠪᠠᠨ ᠳᠣᠯᠣᠳᠤᠭᠠᠷ ᠣᠨ ︵ 1744 — 1752 ᠣᠨ ︶ ᠬᠦᠷᠲᠡᠯ᠎ᠡ ︽ ᠳᠦᠷᠢ ᠲᠥᠷᠬᠦ ᠶᠢᠨ ᠰᠢᠯᠭᠠᠯᠲᠠ ︾ ᠭᠡᠬᠦ ᠨᠣᠮ ᠤᠨ ᠲᠥᠰᠦᠭᠡᠯᠡᠨ ᠪᠤᠳᠤᠬᠤ ᠠᠵᠢᠯ ᠳᠤ ᠣᠷᠣᠯᠴᠠᠵᠠᠶ ᠃ ᠮᠥᠨ ᠴᠦ ᠰᠢᠯᠭᠠᠷᠠᠭᠰᠠᠨ ᠲᠣᠭᠠᠨ ᠤ ᠤᠬᠠᠭᠠᠨᠲᠠᠨ ᠪᠣᠯᠤᠨ᠎ᠠ ᠃ ᠳᠤᠮᠳᠠᠳᠤ ᠤᠯᠤᠰ ᠠᠴᠠ ᠤᠯᠠᠮᠵᠢᠯᠠᠯᠲᠤ ᠲᠣᠭᠠᠨ ᠤ ᠤᠬᠠᠭᠠᠨ ᠢᠶᠠᠷ ᠂ ᠥᠷᠥᠨᠡᠳᠠᠬᠢᠨ ᠤ ᠲᠣᠭᠠᠨ ᠤ ᠤᠬᠠᠭᠠᠨ ᠤ ᠦᠷ᠎ᠡ ᠪᠦᠲᠦᠭᠡᠯ ᠲᠡᠶ ᠤᠶᠠᠯᠳᠤᠭᠤᠯᠤᠨ ᠂ ᠭᠤᠷᠪᠠᠯᠵᠢᠨ ᠹᠦᠩᠺᠼ ᠦᠨ ᠵᠡᠷᠭᠡᠲᠦ ᠶᠢᠨ ᠳᠡᠯᠭᠡᠮᠡᠯ ᠬᠡᠯᠪᠡᠷᠢ ᠪᠠ ᠲᠣᠭᠣᠷᠢᠭ ᠤᠨ ᠬᠦᠷᠢᠶᠡᠨ ᠦ ᠢᠯᠡᠳᠬᠡᠮᠵᠢ ᠶᠢᠨ ᠬᠡᠯᠪᠡᠷᠢ ᠵᠡᠷᠭᠡ ᠶᠢᠰᠦᠨ ᠲᠣᠮᠢᠶ᠎ᠠ ᠶᠢ ᠨᠤᠲᠠᠯᠠᠵᠤ ᠂ ᠶᠢᠰᠦᠨ ᠲᠣᠭᠣᠷᠢᠭ ᠤᠨ ᠬᠦᠷᠢᠶᠡᠨ ᠦ ᠨᠣᠷᠮ᠎ᠠ ᠶᠢᠨ ᠣᠯᠬᠤ ᠲᠣᠮᠢᠶ᠎ᠠ ᠶᠢ ᠠᠮᠵᠢᠯᠲᠠ ᠲᠠᠶ ᠪᠠᠷ ᠵᠠᠳᠠᠯᠤᠨ ᠰᠢᠨᠵᠢᠯᠡᠵᠦ ᠂ 《 ᠲᠣᠭᠣᠷᠢᠭ ᠢ ᠣᠭᠲᠣᠯᠬᠤ ᠶᠢᠨ ᠨᠢᠭᠲᠠᠴᠠ ᠶᠢᠨ ᠳᠥᠲᠡ ᠠᠷᠭ᠎ᠠ 》 ᠭᠡᠬᠦ ᠨᠣᠮ ᠢ ᠪᠢᠴᠢᠭᠰᠡᠨ ᠪᠠᠶᠢᠨ᠎ᠠ ᠃ ᠴᠢᠩ ᠤᠯᠤᠰ ᠠᠴᠠ ᠦᠶ᠎ᠡ ᠶᠢᠨ ᠲᠣᠭᠠᠨ ᠤ ᠤᠬᠠᠭᠠᠨ ᠤ ᠡᠲᠡᠭᠡᠳ ᠦᠨ ᠬᠢᠨ ᠦ 《 ᠮᠢᠩ ᠣᠪᠣᠭᠲᠤ ᠶᠢᠨ ᠰᠢᠨ᠎ᠡ ᠬᠠᠸᠯᠢ 》  ᠳᠤ ᠮᠠᠨ ᠤ ᠤᠯᠤᠰ ᠠᠴᠠ ᠲᠣᠭᠠᠨ ᠤ ᠤᠬᠠᠭᠠᠨ ᠤ ᠲᠡᠸᠬᠡᠨ ᠳᠦ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠠᠶᠢᠪᠠ ᠃ ᠮᠢᠩᠭᠠᠨᠲᠤ ᠴᠢᠩ ᠤᠯᠤᠰ ᠠᠴᠠ ᠡᠬᠢᠨ ᠦ ᠦᠶ᠎ᠡ ᠶᠢᠨ ᠡᠩᠬᠡ ᠠᠮᠤᠭᠤᠯᠠᠩ ᠂ ᠨᠠᠶᠢᠷᠠᠯᠲᠤ ᠲᠥᠪ ᠂ ᠲᠩᠷᠢ ᠲᠡᠳᠬᠦᠭᠴᠢ ᠶᠢᠨ ᠣᠶᠢᠶ᠎ᠠ ᠳᠤ ᠠᠮᠢᠳᠤᠷᠠᠵᠤ ᠪᠠᠶᠢᠭᠰᠠᠨ ᠪᠥᠭᠡᠳ ᠪᠣᠳᠠᠲᠠᠶ ᠲᠥᠷᠥᠭᠰᠡᠨ ᠣᠨ ᠵᠢᠯ ᠨᠢ ᠲᠣᠳᠣᠷᠬᠠᠶ ᠦᠭᠡᠢ ᠂ ᠪᠠᠷᠤᠭ ᠲᠩᠷᠢ ᠲᠡᠳᠬᠦᠭᠴᠢ ᠶᠢᠨ ᠭᠤᠴᠢᠳᠤᠭᠠᠷ ᠣᠨ ( 1765 ᠣᠨ )  ᠦ ᠤᠷᠢᠳ ᠬᠣᠵᠢᠳ ᠢᠶᠠᠷ ᠨᠠᠰᠤ ᠪᠠᠷᠠᠵᠠᠶ ᠃ ᠴᠢᠩ ᠤᠯᠤᠰ ᠠᠴᠠ ᠦᠶ᠎ᠡ ᠶᠢᠨ ᠠᠯᠳᠠᠷᠲᠤ ᠰᠢᠨᠵᠢᠯᠡᠬᠦ ᠤᠬᠠᠭᠠᠨᠲᠠᠨ ᠃

ᠢᠨᠵᠠᠨᠠᠰᠢ

ᠢᠨᠵᠠᠨᠨᠠᠰᠢ ᠪᠣᠯ ᠮᠣᠩᠭᠣᠯ ᠦᠨᠳᠦᠰᠦᠲᠡᠨ ᠦ ᠲᠤᠭᠤᠵᠢᠰ  ᠤᠨ ᠵᠣᠬᠢᠶᠠᠯᠴᠢ ᠃ ᠰᠦᠨ ᠨᠡᠷ᠎ᠡ ᠬᠠᠰᠴᠢᠯᠠᠭᠤ ᠂ ᠬᠢᠲᠠᠳ ᠨᠡᠷ᠎ᠡ ᠨᠢ ᠪᠦᠦ ᠾᠧᠩ ᠱᠠᠨ ᠭᠡᠳᠡᠭ ᠃ ᠥᠪᠥᠷ ᠮᠣᠩᠭᠣᠯ ᠤᠨ ᠵᠣᠰᠣᠲᠤ ᠶᠢᠨ ᠴᠢᠭᠤᠯᠭᠠᠨ ᠤ ᠲᠦᠮᠡᠳ ᠪᠠᠷᠠᠭᠤᠨ ᠬᠣᠰᠢᠭᠤᠨ ᠤ ᠬᠥᠮᠦᠨ ᠂ ᠴᠢᠩᠭᠢᠰ ᠬᠠᠭᠠᠨ ᠤ 28 ᠳ᠋ᠤᠭᠠᠷ ᠦᠶ᠎ᠡ ᠶᠢᠨ ᠣᠮᠪᠣᠯᠣ ᠃ ᠮᠣᠩᠭᠣᠯ ᠤᠳᠬ᠎ᠠ ᠵᠣᠬᠢᠶᠠᠯᠴᠢ ᠂ ᠭᠦᠨ ᠤᠬᠠᠭᠠᠨᠲᠠᠨ ᠃ ᠵᠣᠰᠣᠲᠤ ᠶᠢᠨ ᠴᠢᠭᠤᠯᠭᠠᠨ ᠤ ᠲᠦᠮᠡᠳ ᠪᠠᠷᠠᠭᠤᠨ ᠬᠣᠰᠢᠭᠤ ︵ ᠣᠳᠣ ᠶᠢᠨ ᠯᠢᠶᠣᠤᠨᠢᠩ ᠮᠤᠵᠢ ᠶᠢᠨ ᠪᠧ ᠫᠢᠶᠣᠣ ᠬᠣᠲᠠ ︶  ᠶᠢᠨ ᠬᠥᠮᠦᠨ ᠃ ᠢᠵᠠᠭᠤᠷᠲᠠᠨ ᠭᠠᠷᠤᠯ ᠲᠠᠶ ᠂ ᠨᠠᠰᠤ ᠪᠠᠷ ᠢᠶᠠᠨ ᠨᠣᠶᠠᠨ ᠰᠠᠭᠤᠭᠰᠠᠨ ᠦᠭᠡᠢ ᠃ ᠪᠦᠷᠢᠨᠲᠦ ᠵᠠᠰᠠᠭᠴᠢ ᠶᠢᠨ ᠶᠢᠰᠦᠳᠦᠭᠡᠷ ᠣᠨ ︵ 1870 ᠣᠨ ︶  ᠳᠤ ᠂ ᠲᠥᠷᠥᠯ ᠤᠭᠰᠠᠭ᠎ᠠ ᠪᠠᠷ ᠢᠶᠠᠨ ᠡᠵᠡᠩᠨᠡᠵᠦ ᠪᠠᠶᠢᠭᠰᠠᠨ ᠵᠠᠯᠠᠨ ᠨᠡᠭᠦᠷᠡᠰᠦᠨ ᠠᠭᠤᠷᠬᠠᠶ ᠬᠦᠨᠳᠦ ᠨᠣᠴᠢᠲᠠᠶ ᠠᠯᠳᠠᠭᠳᠠᠭᠰᠠᠨ ᠠᠴᠠ ᠪᠣᠯᠵᠤ ᠂ ᠭᠡᠷ ᠦᠨ ᠠᠮᠢᠳᠤᠷᠠᠯ ᠨᠢ ᠦᠳᠲᠡᠷ ᠲᠦᠷᠭᠡᠨ ᠮᠠᠭᠤᠳᠠᠵᠤ ᠪᠠᠶᠢᠪᠠ ᠃ ᠪᠠᠳᠠᠷᠠᠭᠤᠯᠲᠤ ᠲᠥᠷᠦ ᠶᠢᠨ ᠠᠷᠪᠠᠨ ᠨᠠᠶᠮᠠᠳᠤᠭᠠᠷ ᠣᠨ ᠳᠤ ᠵᠣᠴᠢᠨ ᠪᠣᠯᠵᠤ ᠵᠢᠨᠵᠧᠦ ᠳᠤ ᠣᠳᠪᠠ ᠃ ᠢᠨᠵᠠᠨᠨᠠᠰᠢ ᠮᠣᠩᠭᠣᠯ ᠂ ᠬᠢᠲᠠᠳ ᠂ ᠲᠥᠪᠡᠳ ᠂ ᠮᠠᠨᠵᠤ ᠬᠡᠯᠡᠨ ᠳᠦ ᠨᠡᠪᠲᠡᠷᠡᠨ ᠂ ᠡᠷᠳᠡᠮ ᠮᠡᠳᠡᠯᠭᠡ ᠥᠷᠭᠡᠨ ᠳᠡᠯᠭᠡᠷ ᠂ ᠮᠣᠩᠭᠣᠯ ᠬᠢᠲᠠᠳ ᠦᠨᠳᠦᠰᠦᠲᠡᠨ ᠦ ᠤᠷᠠᠨ ᠵᠣᠬᠢᠶᠠᠯ ᠪᠠ ᠮᠣᠩᠭᠣᠯ ᠲᠡᠸᠬᠡ ᠶᠢᠨ ᠦᠷ᠎ᠡ ᠪᠦᠲᠦᠭᠡᠯ ᠮᠠᠰᠢ ᠭᠦᠨ ᠂ ᠭᠣᠸᠯ ᠪᠦᠲᠦᠭᠡᠯ ᠨᠢ ︽ ᠶᠡᠬᠡ ᠶᠤᠸᠠᠨ ᠤᠯᠤᠰ ᠠᠴᠠ ᠮᠠᠨᠳᠤᠭᠰᠠᠨ ᠦᠶ᠎ᠡ ᠶᠢᠨ ᠬᠥᠬᠡ ᠰᠤᠳᠤᠷ ᠤᠨ ᠦᠯᠢᠭᠡᠷ ︾ ᠂ ︽ ᠨᠢᠭᠡᠨ ᠳᠠᠪᠬᠤᠷ ᠠᠰᠠᠷ ︾ ᠂ ︽ ᠤᠯᠠᠭᠠᠨ ᠲᠢᠩᠰᠡ ︾ ᠵᠡᠷᠭᠡ ᠪᠣᠶ ᠃

ᠵᠠᠮᠪᠠᠯᠳᠣᠷᠵᠢ

ᠵᠠᠮᠪᠠᠯᠳᠣᠷᠵᠢ ᠪᠣᠯ ᠥᠪᠥᠷ ᠮᠣᠩᠭᠣᠯ ᠤᠨ ᠵᠢᠷᠢᠮ ᠦᠨ ᠴᠢᠭᠤᠯᠭᠠᠨ ︵ ᠣᠳᠣ ᠶᠢᠨ ᠲᠦᠩᠯᠢᠶᠣᠤ ᠬᠣᠲᠠ ︶  ᠦ ᠨᠠᠶᠮᠠᠨ ᠬᠣᠰᠢᠭᠤᠨ ᠤ ᠬᠥᠮᠦᠨ ᠂ ᠴᠢᠩᠭᠢᠰ ᠬᠠᠭᠠᠨ ᠤ ᠭᠤᠷᠪᠠᠳᠤᠭᠠᠷ ᠬᠥᠪᠡᠭᠦᠨ ᠴᠠᠭᠠᠳᠠᠢ ︵ ᠪᠣᠷᠵᠢᠭᠢᠨ ᠣᠪᠣᠭᠲᠠᠨ ︶  ᠶᠢᠨ ᠰᠢᠭᠤᠳ ᠬᠠᠷᠢᠶ᠎ᠠ ᠂ ᠨᠠᠶᠮᠠᠨ ᠬᠣᠰᠢᠭᠤᠨ ᠤ ᠶᠢᠰᠦᠳᠡᠬᠢ ᠵᠠᠰᠠᠭ ᠳᠠᠷᠬᠠᠨ ᠵᠢᠶᠦ᠋ᠨ ᠸᠠᠩ ᠪᠠᠯᠴᠤᠭ ᠤᠨ ᠬᠥᠪᠡᠭᠦᠨ ᠂ ᠲᠥᠷᠥᠭᠰᠡᠨ ᠡᠬᠡ ᠶᠢᠨ ᠢᠶᠡᠨ ᠨᠡᠷ᠎ᠡ ᠨᠢ ᠪᠠᠯᠠᠮᠤ ᠂ ᠠᠭ᠎ᠠ ᠳᠡᠭᠦᠸ ᠨᠢ ᠬᠣᠶᠠᠷ ᠃ ᠴᠢᠩ ᠤᠯᠤᠰ ᠠᠴᠠ ᠦᠶ᠎ᠡ ᠶᠢᠨ ᠮᠣᠩᠭᠣᠯ ᠡᠮ ᠡᠮᠨᠡᠯᠭᠡ ᠶᠢᠨ ᠤᠬᠠᠭᠠᠨᠲᠠᠨ ᠂ ᠪᠤᠳ᠋ᠳ᠋ᠾᠠ ᠶᠢᠨ ᠱᠠᠰᠢᠨ ᠤ ᠶᠡᠬᠡ ᠪᠠᠭᠰᠢ ᠃ ᠲᠡᠷᠡ ᠪᠣᠯ ᠴᠢᠩ ᠤᠯᠤᠰ ᠠᠴᠠ ᠨᠠᠶᠮᠠᠨ ᠬᠣᠰᠢᠭᠤᠨ ᠤ ᠪᠣᠷᠣᠬᠤᠰᠢᠭᠤ ᠰᠦᠮ᠎ᠡ ᠶᠢᠨ ᠳᠥᠷᠪᠡᠳᠦᠭᠡᠷ ᠦᠶ᠎ᠡ ᠶᠢᠨ ᠬᠥᠮᠦᠨ ᠪᠣᠯᠤᠨ᠎ᠠ ᠂ ᠲᠤᠬᠠᠶ ᠶᠢᠨ ᠣᠶᠢᠶ᠎ᠠ ᠳᠤ ᠱᠠᠰᠢᠨ ᠰᠤᠷᠲᠠᠬᠤᠨ ᠤ ᠡᠲᠡᠭᠡᠳ ᠦᠨ ᠳᠣᠲᠣᠷ᠎ᠠ ᠣᠨᠴᠠ ᠡᠷᠬᠡ ᠲᠡᠶ ᠪᠠᠶᠢᠭᠰᠠᠨ ᠢᠶᠠᠷ ᠪᠠᠷᠠᠬᠤ ᠦᠭᠡᠢ ᠂ ᠵᠠᠰᠠᠭ ᠨᠣᠶᠠᠨ ᠤ ᠲᠠᠯ᠎ᠠ  ᠪᠡᠷ ᠴᠤ ᠵᠣᠬᠢᠬᠤ ᠡᠷᠬᠡ ᠲᠡᠶ ᠪᠠᠶᠢᠵᠠᠶ ᠃ ᠲᠡᠷᠡ ᠡᠷᠳᠡᠮ ᠮᠡᠳᠡᠯᠭᠡ ᠥᠷᠭᠡᠨ ᠳᠡᠯᠭᠡᠷ ᠪᠣᠯᠬᠣᠷ ᠡᠯᠪᠡᠭ ᠳᠡᠯᠪᠡᠭ ᠦᠷ᠎ᠡ ᠪᠦᠲᠦᠭᠡᠯ ᠣᠯᠵᠤ ᠂ ᠮᠣᠩᠭᠣᠯ ᠸᠠᠩ ᠭᠦᠩ ᠢᠵᠠᠭᠤᠷᠲᠠᠨ ᠨᠠᠷ ᠤᠨ ᠳᠤᠮᠳᠠ ᠨᠡᠯᠢᠶᠡᠳ ᠥᠨᠳᠥᠷ ᠪᠠᠶᠢᠷᠢ ᠰᠠᠭᠤᠷᠢ ᠪᠠ ᠨᠥᠯᠥᠭᠡ ᠬᠦᠷᠲᠡᠭᠰᠡᠨ ᠪᠠᠶᠢᠨ᠎ᠠ ᠃ ᠪᠤᠳ᠋ᠳ᠋ᠾᠠ ᠶᠢᠨ ᠱᠠᠰᠢᠨ ᠬᠢᠭᠡᠳ ᠡᠮ ᠡᠮᠨᠡᠯᠭᠡ ᠶᠢᠨ ᠮᠡᠳᠡᠯᠭᠡ ᠨᠢ ᠨᠡᠯᠢᠶᠡᠳ ᠪᠠᠶᠠᠯᠢᠭ ᠪᠠᠶᠢᠵᠤ ᠂ ᠮᠣᠩᠭᠣᠯ ᠂ ᠲᠥᠪᠡᠳ ᠂ ᠬᠢᠲᠠᠳ ᠂ ᠮᠠᠨᠵᠤ ᠂ ᠰᠠᠨᠰᠺᠷᠢᠲ ᠦᠭᠡ ᠬᠡᠯᠡ ᠦᠰᠦᠭ ᠪᠢᠴᠢᠭ ᠲᠦ ᠨᠡᠪᠲᠡᠷᠡᠭᠰᠡᠨ ᠪᠠᠶᠢᠨ᠎ᠠ ᠃

ᠪ᠂ ᠷᠢᠨᠴᠢᠨ

ᠮᠣᠩᠭᠣᠯ ᠤᠯᠤᠰ ᠠᠴᠠ ᠵᠣᠬᠢᠶᠠᠯᠴᠢ ᠂ ᠲᠤᠭᠤᠵᠢᠰ  ᠤᠨ ᠵᠣᠬᠢᠶᠠᠯᠴᠢ ᠂ ᠮᠣᠩᠭᠣᠯ ᠤᠯᠤᠰ ᠠᠴᠠ ᠰᠢᠨ᠎ᠡ ᠤᠳᠬ᠎ᠠ ᠵᠣᠬᠢᠶᠠᠯ ᠤᠨ ᠰᠠᠭᠤᠷᠢᠯᠠᠭᠴᠢ ᠶᠢᠨ ᠨᠢᠭᠡ ᠃ ᠮᠣᠩᠭᠣᠯ ᠤᠨ ᠬᠣᠶᠢᠲᠤ ᠬᠡᠰᠡᠭ ᠦᠨ ᠬᠢᠶᠠᠨᠲᠤ ᠶᠢᠨ ᠪᠣᠷᠰᠠᠯᠠᠢ ᠣᠷᠣᠨ ᠳᠤ ᠲᠥᠷᠥᠵᠡᠢ ᠃ ᠪᠠᠭ᠎ᠠ ᠨᠠᠰᠤᠨ ᠳᠠᠭᠠᠨ ᠰᠢᠯᠢᠳᠡᠭ ᠰᠠᠶᠢᠨ ᠰᠤᠷᠭᠠᠨ ᠬᠥᠮᠦᠵᠢᠯ ᠬᠦᠷᠲᠡᠵᠦ ᠂ 7 ᠨᠠᠰᠤᠲᠠᠶ ᠳᠤᠨᠢ ᠮᠣᠩᠭᠣᠯ ᠬᠡᠯᠡ ᠰᠤᠷᠴᠤ ᠂ 9 ᠨᠠᠰᠤᠲᠠᠶ ᠳᠤᠨᠢ ᠰᠣᠶᠣᠯ ᠮᠡᠳᠡᠯᠭᠡ ᠶᠢᠨ ᠰᠠᠭᠤᠷᠢ ᠶᠢ ᠲᠠᠯᠪᠢᠵᠤ ᠥᠭᠴᠡᠶ ᠃ 1922 ᠣᠨ ᠳᠤ ᠳᠤᠮᠳᠠᠳᠤ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠤᠸᠯ ᠤᠨ ᠵᠥᠪᠯᠡᠯᠲᠦ ᠶᠢᠨ ᠯᠧᠨᠢᠩᠭᠷᠡᠳ᠋ ᠤᠨ ᠳᠣᠷᠣᠨᠠᠳᠠᠬᠢᠨ ᠤ ᠬᠡᠯᠡᠨ ᠦ ᠳᠡᠭᠡᠰᠦ ᠰᠤᠷᠭᠠᠭᠤᠯᠢ ᠳᠤ ᠰᠤᠷᠤᠯᠴᠠᠪᠠ ᠃ 1935 ᠣᠨ ᠠᠴᠠ ᠮᠣᠩᠭᠣᠯ ᠤᠯᠤᠰ ᠠᠴᠠ ︽ ᠣᠴᠢ ︾ ᠂ ︽ ᠰᠢᠨᠵᠢᠯᠡᠬᠦ ᠤᠬᠠᠭᠠᠨ ︾ ᠵᠡᠷᠭᠡ ᠰᠡᠳᠬᠦᠯ ᠳᠦ ᠡᠷᠬᠢᠯᠡᠨ ᠨᠠᠶᠢᠷᠠᠭᠤᠯᠤᠭᠴᠢ ᠪᠠ ᠨᠠᠶᠢᠷᠠᠭᠤᠯᠬᠤ ᠭᠡᠰᠢᠭᠦᠨ ᠦ ᠲᠤᠰᠢᠶᠠᠯ ᠢ ᠤᠷᠳᠤ ᠬᠤᠭᠤᠴᠠᠭ᠎ᠠ ᠪᠠᠷ ᠬᠠᠷᠢᠭᠤᠴᠠᠵᠤ ᠪᠠᠶᠢᠵᠠᠶ ᠃ ᠪ᠊ · ᠥᠷᠥᠰᠢᠶᠡᠯ ᠣᠷᠣᠰ ᠬᠡᠯᠡ ᠂ ᠭᠧᠷᠮᠠᠨ ᠬᠡᠯᠡ ᠂ ᠠᠩᠭᠯᠢ ᠬᠡᠯᠡ ᠂ ᠹᠷᠠᠨᠼᠢ ᠬᠡᠯᠡ ᠂ ᠴᠸᠬᠤ᠋ ᠬᠡᠯᠡ ᠂ ᠫᠤᠯᠠᠨᠳ᠋ ᠬᠡᠯᠡ ᠂ ᠳᠡᠯᠡᠬᠡᠶ ᠶᠢᠨ ᠬᠡᠯᠡ ᠪᠠ ᠪᠤᠯᠭᠠᠷᠢᠶ᠎ᠠ ᠬᠡᠯᠡ ᠵᠡᠷᠭᠡ ᠣᠯᠠᠨ ᠵᠦᠶᠯ ᠦᠨ ᠬᠡᠯᠡ ᠪᠢᠴᠢᠭ ᠢ ᠰᠠᠶᠢᠨ ᠮᠡᠳᠡᠳᠡᠭ ᠪᠥᠭᠡᠳ ᠤᠭ ᠵᠣᠬᠢᠶᠠᠯ ᠠᠴᠠ ᠨᠢ 《 ᠡᠪ ᠬᠠᠮᠲᠤ ᠨᠠᠮ ᠤᠨ ᠲᠤᠩᠬᠠᠭ 》 ᠂ 《 ᠪᠣᠭᠣᠮᠢ ᠡᠷᠡᠭᠦᠸ ᠲᠤᠯᠭ᠎ᠠ ᠶᠢᠨ ᠳᠣᠸᠷᠠᠬᠢ ᠮᠡᠳᠡᠭᠦᠯᠦᠯᠲᠡ 》 ᠵᠡᠷᠭᠡ ᠵᠣᠬᠢᠶᠠᠯ ᠢ ᠣᠷᠴᠢᠭᠤᠯᠵᠠᠶ ᠃ ᠲᠡᠭᠦᠨ ᠦ ᠲᠥᠯᠥᠭᠡᠯᠡᠭᠴᠢ ᠨᠢ 《 ᠡᠾᠧ 》 ᠪᠣᠯᠪᠠ ᠃

ᠲᠡᠮᠭᠡᠲᠦ

ᠲᠡᠮᠭᠡᠲᠦ ᠂ ᠬᠢᠲᠠᠳ ᠨᠡᠷ᠎ᠡ ᠸᠠᠩ ᠷᠦᠢ ᠴᠠᠩ ᠂ ᠡᠷᠭᠦᠭᠰᠡᠨ ᠨᠡᠷ᠎ᠡ ᠶᠢᠨ ᠾᠧᠦ ᠃ ᠴᠢᠩ ᠨᠢᠶᠠᠨ ︵ ᠪᠠᠳᠠᠷᠠᠭᠤᠯᠲᠤ ᠲᠥᠷᠦ ᠶᠢᠨ ᠠᠷᠪᠠᠨ ᠳᠥᠷᠪᠡᠳᠦᠭᠡᠷ ᠣᠨ ︶  ᠳᠤ ᠥᠪᠥᠷ ᠮᠣᠩᠭᠣᠯ ᠤᠨ ᠵᠤᠤ ᠤᠳᠠ ᠶᠢᠨ ᠴᠢᠭᠤᠯᠭᠠᠨ ᠤ ᠴᠢᠨ ᠬᠣᠰᠢᠭᠤᠨ ᠳᠤ ᠲᠥᠷᠥᠵᠡᠢ ᠃ ᠲᠡᠮᠦᠷᠲᠦ ᠶᠢᠨ ᠡᠪᠦᠭᠡ ᠳᠠᠯᠠᠨᠲᠠᠶ ᠰᠡᠴᠡᠨ ᠬᠣᠰᠢᠭᠤᠨ ᠤ ᠬᠣᠰᠢᠭᠤ ᠵᠠᠬᠢᠷᠤᠭᠴᠢ ᠵᠠᠩᠭᠢ ᠪᠠᠶᠢᠵᠠᠶ ᠂ ᠰᠡᠭᠦᠯᠡᠷ ᠨᠢ ᠲᠡᠭᠦᠨ ᠦ ᠡᠴᠢᠭᠡ ᠡᠬᠡ ᠨᠢ ᠡᠷᠲᠡ ᠨᠠᠰᠤ ᠪᠠᠷᠠᠵᠤ ᠂ ᠭᠡᠷ ᠦᠨ ᠵᠠᠮ ᠮᠥᠷ ᠨᠢ ᠴᠦ ᠦᠭᠡᠢ ᠪᠣᠯᠵᠠᠶ ᠃ ᠲᠡᠷᠡ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠥᠭᠡᠳ ᠰᠤᠷᠬᠤ ᠳᠤᠷᠠᠲᠠᠶ ᠪᠠᠶᠢᠭᠰᠠᠨ ᠪᠣᠯᠬᠣᠷ ᠴᠠᠴᠢᠶᠠᠨ ᠤ ᠪᠠᠷᠠᠭᠤᠨ ᠬᠣᠰᠢᠭᠤᠨ ᠤ ᠸᠠᠩ ᠨᠣᠶᠠᠨ ᠬᠦᠩᠰᠡᠩᠨᠣᠷᠪᠤ ᠲᠡᠭᠦᠨ ᠢ ᠶᠡᠬᠡ ᠪᠠᠬᠠᠷᠬᠠᠵᠤ ᠂ ᠲᠡᠭᠦᠨ ᠢ ᠵᠢᠷᠤᠮ ᠤᠨ ᠬᠦᠸ ᠪᠣᠯᠭᠠᠨ ᠡᠯᠰᠡᠵᠦ ᠂ ᠲᠤᠰ ᠬᠣᠰᠢᠭᠤᠨ ᠤ ᠪᠠᠨ ᠲᠥᠪ ᠢ ᠡᠷᠬᠢᠮᠯᠡᠬᠦ ᠰᠤᠷᠭᠠᠭᠤᠯᠢ ᠳᠤ ᠬᠦᠷᠭᠡᠵᠦ ᠰᠤᠷᠤᠯᠴᠠᠭᠤᠯᠵᠠᠶ ᠃ 1903 ᠣᠨ ᠳᠤ ᠬᠦᠩᠰᠡᠩᠨᠣᠷᠪᠤ ᠲᠡᠭᠦᠨ ᠢ ᠪᠡᠭᠡᠵᠢᠩ ᠦᠨ ᠵᠤᠸᠠᠩ ᠳᠤ ᠬᠦᠷᠭᠡᠵᠦ ᠰᠤᠷᠤᠯᠴᠠᠭᠤᠯᠪᠠ ᠃ 1906 ᠣᠨ ᠳᠤ ᠪᠠᠰᠠ ᠶᠠᠫᠣᠨ ᠤ ᠲᠣᠣᠺᠢᠣ᠋ ᠵᠢᠨ ᠵᠧᠨ ᠡᠸ ᠰᠤᠷᠭᠠᠭᠤᠯᠢ ᠳᠤ ᠣᠷᠣᠵᠠᠶ ᠃ ᠲᠡᠷᠡ ᠬᠠᠭᠤᠷᠠᠶ ᠵᠠᠮ ᠤᠨ ᠴᠡᠷᠢᠭ ᠣᠨ ᠪᠠᠭ᠎ᠠ ᠣᠹᠢᠼᠧᠷ ᠦᠨ ᠰᠠᠯᠠᠭ᠎ᠠ ᠠᠴᠠ ᠲᠡᠭᠦᠰᠦᠭᠰᠡᠨ ᠦ ᠳᠠᠷᠠᠭ᠎ᠠ ᠳᠠᠬᠢᠨ ᠲᠣᠣᠺᠢᠣ᠋ ᠶᠢᠨ ᠼᠢ ᠾᠤᠶᠢ ᠡᠮᠨᠡᠯᠭᠡ ᠶᠢᠨ ᠶᠡᠬᠡ ᠰᠤᠷᠭᠠᠭᠤᠯᠢ ᠳᠤ ᠰᠢᠯᠵᠢᠪᠡ ᠃ ᠲᠡᠮᠦᠷᠲᠦ ᠮᠣᠩᠭᠣᠯ ᠂ ᠬᠢᠲᠠᠳ ᠂ ᠶᠠᠫᠣᠨ ᠭᠤᠷᠪᠠᠨ ᠵᠦᠶᠯ ᠦᠨ ᠦᠭᠡ ᠬᠡᠯᠡ ᠦᠰᠦᠭ ᠪᠢᠴᠢᠭ ᠢ ᠰᠠᠶᠢᠨ ᠮᠡᠳᠡᠳᠡᠭ ᠂ ᠶᠠᠫᠣᠨ ᠳᠤ ᠪᠠᠶᠬᠤ ᠬᠤᠭᠤᠴᠠᠭᠠᠨ ᠳᠠᠭᠠᠨ ᠲᠡᠷᠡ ᠬᠠᠭᠤᠷᠠᠶ ᠵᠠᠮ ᠤᠨ ᠴᠡᠷᠢᠭ ᠣᠨ ᠪᠠᠭ᠎ᠠ ᠳᠠᠷᠤᠭ᠎ᠠ ᠪᠠ ᠠᠨᠠᠭᠠᠬᠤ ᠤᠬᠠᠭᠠᠨ ᠤ ᠮᠡᠷᠭᠡᠵᠢᠯ ᠢ ᠰᠤᠷᠤᠯᠴᠠᠬᠤ ᠠᠴᠠ ᠭᠠᠳᠠᠨ᠎ᠠ ᠪᠠᠰᠠ ᠤᠷᠠᠨ ᠵᠣᠬᠢᠶᠠᠯ ᠰᠤᠳᠤᠯᠵᠤ ᠂ ᠴᠥᠭᠡᠨ ᠪᠤᠰᠤ ᠠᠯᠳᠠᠷᠲᠤ ᠵᠣᠬᠢᠶᠠᠯ ᠪᠦᠲᠦᠭᠡᠯ ᠢ ᠰᠤᠳᠤᠯᠵᠠᠶ ᠃

ᠢᠰᠢᠳᠠᠨᠽᠢᠨᠸᠠᠩᠵᠢᠯ

7 ᠨᠠᠰᠤᠲᠠᠶ ᠳᠠᠭᠠᠨ ᠣᠷᠳᠣᠰ ᠵᠢᠶᠦ᠋ᠨ ᠸᠠᠩ ᠤᠨ ᠬᠣᠰᠢᠭᠤ ︵ ᠣᠳᠣ ᠶᠢᠨ ᠡᠵᠡᠨ ᠬᠣᠷᠣᠭ᠎ᠠ ᠬᠣᠰᠢᠭᠤ ︶  ᠶᠢᠨ ᠭᠦᠩ ᠵᠤᠤ ᠰᠦᠮ᠎ᠡ ︵ ᠴᠢᠤᠸᠠᠨ ᠹᠦ᠋ ᠵᠢᠩ ᠰᠧ ᠰᠦᠮ᠎ᠡ ︶  ᠶᠢᠨ ᠱᠠᠪᠯᠤᠨ ᠷᠠᠰᠠᠩ ᠲᠠᠪᠤᠳᠤᠭᠠᠷ ᠳᠦᠷᠢ ᠶᠢᠨ ᠱᠠᠪᠢ ᠪᠣᠯᠵᠤ ᠂ ᠮᠣᠩᠭᠣᠯ ᠂ ᠲᠥᠪᠡᠳ ᠵᠢᠴᠢ ᠡᠮᠨᠡᠯᠭᠡ ᠶᠢᠨ ᠤᠬᠠᠭᠠᠨ ᠢ ᠰᠤᠷᠴᠤ ᠂ 15 ᠨᠠᠰᠤᠲᠠᠶ ᠳᠠᠭᠠᠨ ᠮᠣᠩᠭᠣᠯ ᠂ ᠲᠥᠪᠡᠳ ᠬᠣᠶᠠᠷ ᠬᠡᠯᠡᠨ ᠦ ᠨᠣᠮ ᠰᠤᠳᠤᠷ ᠢ ᠰᠤᠷᠴᠤ ᠂ ᠮᠠᠰᠢ ᠶᠡᠬᠡ ᠠᠮᠵᠢᠯᠲᠠ ᠣᠯᠵᠤ ᠂ ᠰᠢᠯᠦᠭ ᠳᠠᠭᠤᠯᠠᠯ ᠢᠶᠠᠨ ᠵᠣᠬᠢᠶᠠᠨ ᠪᠦᠲᠦᠭᠡᠵᠦ ᠡᠬᠢᠯᠡᠪᠡ ᠃ 20 ᠨᠠᠰᠤᠲᠠᠶ ᠳᠠᠭᠠᠨ ᠣᠷᠳᠣᠰ ᠤᠨ 7 ᠬᠣᠰᠢᠭᠤᠨ ᠤ ᠡᠯ᠎ᠡ ᠰᠦᠮ᠎ᠡ ᠭᠡᠢᠳ ᠢ ᠲᠣᠭᠣᠷᠢᠨ ᠦᠵᠡᠵᠦ ᠂ ᠨᠣᠮ ᠰᠤᠳᠤᠷ ᠬᠡᠪᠯᠡᠵᠦ ᠂ ᠴᠠᠬᠠᠷ ᠂ ᠰᠢᠯᠢ ᠶᠢᠨ ᠭᠣᠸᠯ ᠂ ᠤᠯᠠᠭᠠᠨᠴᠠᠪ ᠵᠡᠷᠭᠡ ᠭᠠᠵᠠᠷ ᠢᠶᠠᠷ ᠲᠣᠭᠣᠷᠢᠨ ᠡᠮᠴᠢᠯᠡᠵᠦ ᠂ 《 ᠲᠥᠪᠡᠳ ᠬᠡᠯᠡᠨ ᠦ ᠲᠤᠷᠰᠢᠯᠭᠠᠲᠤ ᠵᠣᠷ 》 ᠂ 《 ᠬᠣᠪᠣᠷ ᠡᠷᠳᠡᠨᠢ ᠶᠢᠨ ᠲᠤᠷᠰᠢᠯᠭᠠᠲᠤ ᠵᠣᠷ 》 ᠂ 《 ᠲᠤᠷᠰᠢᠯᠭᠠᠲᠤ ᠵᠣᠷ ᠤᠨ ᠲᠡᠭᠦᠪᠦᠷᠢ 》 ᠂ 《 ᠠᠨᠠᠭᠠᠬᠤ ᠤᠬᠠᠭᠠᠨ ᠤ ᠳᠠᠭᠤᠤ ᠶᠢᠨ ᠤᠩᠰᠢᠯᠭ᠎ᠠ 》 ᠂ ᠡᠭᠦᠨ ᠦ ᠳᠦ ᠳᠣᠲᠣᠷ᠎ᠠ 《 ᠲᠤᠷᠰᠢᠯᠭᠠᠲᠤ ᠵᠣᠷ 》 ᠂ 《 ᠠᠨᠠᠭᠠᠬᠤ ᠤᠬᠠᠭᠠᠨ ᠤ ᠳᠠᠭᠤᠸ ᠶᠢᠨ ᠤᠩᠰᠢᠯᠭ᠎ᠠ 》  ᠶᠢ ᠳᠠᠭᠤᠸ ᠶᠢᠨ ᠮᠠᠭᠲᠠᠭᠤ  ᠪᠡᠷ ᠪᠢᠴᠢᠵᠡᠶ ᠃ ᠮᠣᠩᠭᠣᠯ ᠡᠮᠨᠡᠯᠭᠡ ᠶᠢᠨ ᠲᠡᠸᠬᠡᠨ ᠳᠡᠭᠡᠷ᠎ᠡ ᠠᠩᠬ᠎ᠠ ᠡᠭᠦᠳᠦᠭᠰᠡᠨ ᠶᠤᠮ ᠃ ᠢᠰᠢᠳᠠᠨᠸᠠᠩᠵᠢᠯ ᠭᠠᠳᠠᠭᠰᠢ ᠭᠠᠷᠴᠤ ᠡᠮᠴᠢᠯᠡᠵᠦ ᠪᠠᠶᠬᠤ ᠬᠤᠭᠤᠴᠠᠭᠠᠨ ᠳᠠᠭᠠᠨ ᠂ ᠥᠷᠭᠡᠨ ᠣᠯᠠᠨ ᠮᠣᠩᠭᠣᠯ ᠦᠨᠳᠦᠰᠦᠲᠡᠨ ᠦ ᠠᠷᠠᠳ ᠲᠦᠮᠡᠨ ᠦ ᠹᠧᠣᠳᠠᠯ ᠤᠨ ᠸᠠᠩ ᠭᠦᠩ ᠂ ᠨᠤᠲᠤᠭ ᠤᠨ ᠬᠠᠷᠭᠢᠰ ᠢᠵᠠᠭᠤᠷᠲᠠᠨ ᠨᠠᠷ ᠤᠨ ᠳᠠᠷᠤᠯᠠᠯ ᠮᠥᠯᠵᠢᠯ ᠦᠨ ᠪᠠᠶᠢᠳᠠᠯ ᠢ ᠨᠢᠳᠦ ᠪᠡᠷ ᠢᠶᠡᠨ ᠦᠵᠡᠵᠦ ᠂ ᠹᠧᠣᠳᠠᠯ ᠤᠨ ᠨᠣᠶᠠᠷᠬᠠᠯ ᠢ ᠡᠰᠡᠷᠭᠦᠴᠡᠭᠰᠡᠨ ᠮᠠᠭᠲᠠᠨ ᠳᠠᠭᠤᠯᠠᠭᠤᠰᠢᠲᠠᠶ ᠮᠠᠰᠢ ᠣᠯᠠᠨ ᠰᠢᠯᠦᠭ ᠳᠠᠭᠤᠯᠠᠯ ᠢ ᠪᠢᠴᠢᠵᠦ ᠂ ᠵᠣᠬᠢᠶᠠᠯ ᠪᠦᠲᠦᠭᠡᠯ ᠨᠢ ᠮᠠᠰᠢ ᠥᠷᠭᠡᠨ ᠳᠡᠯᠭᠡᠷᠡᠵᠦ ᠂ ᠮᠠᠰᠢ ᠶᠡᠬᠡ ᠨᠥᠯᠥᠭᠡ ᠭᠠᠷᠭᠠᠭᠰᠠᠨ ᠶᠤᠮ ᠂ ᠭᠣᠸᠯ ᠪᠦᠲᠦᠭᠡᠯ ᠨᠢ 《 ᠵᠢᠨᠢᠵᠤᠤᠷ · ᠢᠰᠢᠳᠠᠨᠵᠢᠨᠸᠠᠩᠵᠢᠯ  ᠤᠨ ᠰᠤᠷᠭᠠᠯ ᠰᠢᠯᠦᠭ 》 ᠪᠠᠶᠢᠵᠤ ᠂ ᠣᠳᠣ ᠦᠢᠯᠡᠳᠴᠦ ᠪᠠᠶᠭ᠎ᠠ ᠲᠠᠪᠤᠨ ᠪᠦᠯᠦᠭ ᠨᠡᠶᠢᠲᠡ 320 ᠮᠥᠷ ᠪᠤᠢ ᠃ ᠢᠰᠢᠳᠠᠨᠵᠢᠨᠸᠠᠩᠵᠢᠯ ᠨᠢ ᠰᠢᠯᠦᠭᠴᠢ ᠂ ᠡᠮ ᠦᠨ ᠰᠤᠳᠤᠯᠭᠠᠲᠠᠨ ᠲᠡᠳᠦᠶ ᠪᠢᠰᠢ ᠂ ᠪᠠᠰᠠ ᠨᠢᠭᠡᠨ ᠨᠥᠯᠥᠭᠡ ᠲᠡᠶ ᠤᠷᠠᠯᠢᠭᠴᠢᠨ ᠂ ᠪᠠᠷᠢᠯᠭ᠎ᠠ ᠶᠢᠨ ᠤᠬᠠᠭᠠᠨᠲᠠᠨ ᠪᠥᠭᠡᠳ ᠵᠢᠷᠤᠭ ᠵᠢᠷᠤᠬᠤ ᠂ ᠠᠯᠲᠠ ᠮᠥᠩᠭᠥᠨ ᠵᠡᠰ ᠵᠡᠷᠭᠡ ᠡᠯ᠎ᠡ ᠵᠦᠶᠯ ᠦᠨ ᠰᠠᠪᠠ ᠰᠠᠭᠠᠯᠢ ᠵᠢᠷᠤᠬᠤ ᠳᠠᠭᠠᠨ ᠴᠢᠳᠠᠮᠠᠭᠠᠶ ᠪᠠᠶᠳᠠᠭ ᠃ 1906 ᠣᠨ ᠳᠤ ᠢᠰᠢᠳᠠᠨᠵᠢᠨᠸᠠᠩᠵᠢᠯ ᠨᠠᠰᠤ ᠪᠠᠷᠠᠪᠠ ᠂ ᠲᠤᠬᠠᠶ ᠶᠢᠨ ᠵᠢᠯ 54 ᠨᠠᠰᠤᠲᠠᠶ ᠃

ᠨᠣᠮ ᠤᠨ ᠣᠪᠣᠭᠠᠨ ᠤ ᠰᠢᠷᠢᠰ ᠠᠵᠢᠯᠯᠠᠭ᠎ᠠ