ᠲᠣᠪᠴᠢ ᠨᠠᠮᠲᠠᠷ᠄
ᠲᠡᠮᠭᠡᠲᠦ ᠂ ᠬᠢᠲᠠᠳ ᠨᠡᠷ᠎ᠡ ᠸᠠᠩ ᠷᠦᠢ ᠴᠠᠩ ᠂ ᠡᠷᠭᠦᠭᠰᠡᠨ ᠨᠡᠷ᠎ᠡ ᠶᠢᠨ ᠾᠧᠦ ᠃ ᠴᠢᠩ ᠨᠢᠶᠠᠨ ︵ ᠪᠠᠳᠠᠷᠠᠭᠤᠯᠲᠤ ᠲᠥᠷᠦ ᠶᠢᠨ ᠠᠷᠪᠠᠨ ᠳᠥᠷᠪᠡᠳᠦᠭᠡᠷ ᠣᠨ ︶ ᠳᠤ ᠥᠪᠥᠷ ᠮᠣᠩᠭᠣᠯ ᠤᠨ ᠵᠤᠤ ᠤᠳᠠ ᠶᠢᠨ ᠴᠢᠭᠤᠯᠭᠠᠨ ᠤ ᠴᠢᠨ ᠬᠣᠰᠢᠭᠤᠨ ᠳᠤ ᠲᠥᠷᠥᠵᠡᠢ ᠃ ᠲᠡᠮᠦᠷᠲᠦ ᠶᠢᠨ ᠡᠪᠦᠭᠡ ᠳᠠᠯᠠᠨᠲᠠᠶ ᠰᠡᠴᠡᠨ ᠬᠣᠰᠢᠭᠤᠨ ᠤ ᠬᠣᠰᠢᠭᠤ ᠵᠠᠬᠢᠷᠤᠭᠴᠢ ᠵᠠᠩᠭᠢ ᠪᠠᠶᠢᠵᠠᠶ ᠂ ᠰᠡᠭᠦᠯᠡᠷ ᠨᠢ ᠲᠡᠭᠦᠨ ᠦ ᠡᠴᠢᠭᠡ ᠡᠬᠡ ᠨᠢ ᠡᠷᠲᠡ ᠨᠠᠰᠤ ᠪᠠᠷᠠᠵᠤ ᠂ ᠭᠡᠷ ᠦᠨ ᠵᠠᠮ ᠮᠥᠷ ᠨᠢ ᠴᠦ ᠦᠭᠡᠢ ᠪᠣᠯᠵᠠᠶ ᠃ ᠲᠡᠷᠡ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠥᠭᠡᠳ ᠰᠤᠷᠬᠤ ᠳᠤᠷᠠᠲᠠᠶ ᠪᠠᠶᠢᠭᠰᠠᠨ ᠪᠣᠯᠬᠣᠷ ᠴᠠᠴᠢᠶᠠᠨ ᠤ ᠪᠠᠷᠠᠭᠤᠨ ᠬᠣᠰᠢᠭᠤᠨ ᠤ ᠸᠠᠩ ᠨᠣᠶᠠᠨ ᠬᠦᠩᠰᠡᠩᠨᠣᠷᠪᠤ ᠲᠡᠭᠦᠨ ᠢ ᠶᠡᠬᠡ ᠪᠠᠬᠠᠷᠬᠠᠵᠤ ᠂ ᠲᠡᠭᠦᠨ ᠢ ᠵᠢᠷᠤᠮ ᠤᠨ ᠬᠦᠸ ᠪᠣᠯᠭᠠᠨ ᠡᠯᠰᠡᠵᠦ ᠂ ᠲᠤᠰ ᠬᠣᠰᠢᠭᠤᠨ ᠤ ᠪᠠᠨ ᠲᠥᠪ ᠢ ᠡᠷᠬᠢᠮᠯᠡᠬᠦ ᠰᠤᠷᠭᠠᠭᠤᠯᠢ ᠳᠤ ᠬᠦᠷᠭᠡᠵᠦ ᠰᠤᠷᠤᠯᠴᠠᠭᠤᠯᠵᠠᠶ ᠃ 1903 ᠣᠨ ᠳᠤ ᠬᠦᠩᠰᠡᠩᠨᠣᠷᠪᠤ ᠲᠡᠭᠦᠨ ᠢ ᠪᠡᠭᠡᠵᠢᠩ ᠦᠨ ᠵᠤᠸᠠᠩ ᠳᠤ ᠬᠦᠷᠭᠡᠵᠦ ᠰᠤᠷᠤᠯᠴᠠᠭᠤᠯᠪᠠ ᠃ 1906 ᠣᠨ ᠳᠤ ᠪᠠᠰᠠ ᠶᠠᠫᠣᠨ ᠤ ᠲᠣᠣᠺᠢᠣ᠋ ᠵᠢᠨ ᠵᠧᠨ ᠡᠸ ᠰᠤᠷᠭᠠᠭᠤᠯᠢ ᠳᠤ ᠣᠷᠣᠵᠠᠶ ᠃ ᠲᠡᠷᠡ ᠬᠠᠭᠤᠷᠠᠶ ᠵᠠᠮ ᠤᠨ ᠴᠡᠷᠢᠭ ᠣᠨ ᠪᠠᠭ᠎ᠠ ᠣᠹᠢᠼᠧᠷ ᠦᠨ ᠰᠠᠯᠠᠭ᠎ᠠ ᠠᠴᠠ ᠲᠡᠭᠦᠰᠦᠭᠰᠡᠨ ᠦ ᠳᠠᠷᠠᠭ᠎ᠠ ᠳᠠᠬᠢᠨ ᠲᠣᠣᠺᠢᠣ᠋ ᠶᠢᠨ ᠼᠢ ᠾᠤᠶᠢ ᠡᠮᠨᠡᠯᠭᠡ ᠶᠢᠨ ᠶᠡᠬᠡ ᠰᠤᠷᠭᠠᠭᠤᠯᠢ ᠳᠤ ᠰᠢᠯᠵᠢᠪᠡ ᠃ ᠲᠡᠮᠦᠷᠲᠦ ᠮᠣᠩᠭᠣᠯ ᠂ ᠬᠢᠲᠠᠳ ᠂ ᠶᠠᠫᠣᠨ ᠭᠤᠷᠪᠠᠨ ᠵᠦᠶᠯ ᠦᠨ ᠦᠭᠡ ᠬᠡᠯᠡ ᠦᠰᠦᠭ ᠪᠢᠴᠢᠭ ᠢ ᠰᠠᠶᠢᠨ ᠮᠡᠳᠡᠳᠡᠭ ᠂ ᠶᠠᠫᠣᠨ ᠳᠤ ᠪᠠᠶᠬᠤ ᠬᠤᠭᠤᠴᠠᠭᠠᠨ ᠳᠠᠭᠠᠨ ᠲᠡᠷᠡ ᠬᠠᠭᠤᠷᠠᠶ ᠵᠠᠮ ᠤᠨ ᠴᠡᠷᠢᠭ ᠣᠨ ᠪᠠᠭ᠎ᠠ ᠳᠠᠷᠤᠭ᠎ᠠ ᠪᠠ ᠠᠨᠠᠭᠠᠬᠤ ᠤᠬᠠᠭᠠᠨ ᠤ ᠮᠡᠷᠭᠡᠵᠢᠯ ᠢ ᠰᠤᠷᠤᠯᠴᠠᠬᠤ ᠠᠴᠠ ᠭᠠᠳᠠᠨ᠎ᠠ ᠪᠠᠰᠠ ᠤᠷᠠᠨ ᠵᠣᠬᠢᠶᠠᠯ ᠰᠤᠳᠤᠯᠵᠤ ᠂ ᠴᠥᠭᠡᠨ ᠪᠤᠰᠤ ᠠᠯᠳᠠᠷᠲᠤ ᠵᠣᠬᠢᠶᠠᠯ ᠪᠦᠲᠦᠭᠡᠯ ᠢ ᠰᠤᠳᠤᠯᠵᠠᠶ ᠃