ᠲᠣᠪᠴᠢ ᠨᠠᠮᠲᠠᠷ᠄
ᠵᠠᠮᠪᠠᠯᠳᠣᠷᠵᠢ ᠪᠣᠯ ᠥᠪᠥᠷ ᠮᠣᠩᠭᠣᠯ ᠤᠨ ᠵᠢᠷᠢᠮ ᠦᠨ ᠴᠢᠭᠤᠯᠭᠠᠨ ︵ ᠣᠳᠣ ᠶᠢᠨ ᠲᠦᠩᠯᠢᠶᠣᠤ ᠬᠣᠲᠠ ︶ ᠦ ᠨᠠᠶᠮᠠᠨ ᠬᠣᠰᠢᠭᠤᠨ ᠤ ᠬᠥᠮᠦᠨ ᠂ ᠴᠢᠩᠭᠢᠰ ᠬᠠᠭᠠᠨ ᠤ ᠭᠤᠷᠪᠠᠳᠤᠭᠠᠷ ᠬᠥᠪᠡᠭᠦᠨ ᠴᠠᠭᠠᠳᠠᠢ ︵ ᠪᠣᠷᠵᠢᠭᠢᠨ ᠣᠪᠣᠭᠲᠠᠨ ︶ ᠶᠢᠨ ᠰᠢᠭᠤᠳ ᠬᠠᠷᠢᠶ᠎ᠠ ᠂ ᠨᠠᠶᠮᠠᠨ ᠬᠣᠰᠢᠭᠤᠨ ᠤ ᠶᠢᠰᠦᠳᠡᠬᠢ ᠵᠠᠰᠠᠭ ᠳᠠᠷᠬᠠᠨ ᠵᠢᠶᠦ᠋ᠨ ᠸᠠᠩ ᠪᠠᠯᠴᠤᠭ ᠤᠨ ᠬᠥᠪᠡᠭᠦᠨ ᠂ ᠲᠥᠷᠥᠭᠰᠡᠨ ᠡᠬᠡ ᠶᠢᠨ ᠢᠶᠡᠨ ᠨᠡᠷ᠎ᠡ ᠨᠢ ᠪᠠᠯᠠᠮᠤ ᠂ ᠠᠭ᠎ᠠ ᠳᠡᠭᠦᠸ ᠨᠢ ᠬᠣᠶᠠᠷ ᠃ ᠴᠢᠩ ᠤᠯᠤᠰ ᠠᠴᠠ ᠦᠶ᠎ᠡ ᠶᠢᠨ ᠮᠣᠩᠭᠣᠯ ᠡᠮ ᠡᠮᠨᠡᠯᠭᠡ ᠶᠢᠨ ᠤᠬᠠᠭᠠᠨᠲᠠᠨ ᠂ ᠪᠤᠳ᠋ᠳ᠋ᠾᠠ ᠶᠢᠨ ᠱᠠᠰᠢᠨ ᠤ ᠶᠡᠬᠡ ᠪᠠᠭᠰᠢ ᠃ ᠲᠡᠷᠡ ᠪᠣᠯ ᠴᠢᠩ ᠤᠯᠤᠰ ᠠᠴᠠ ᠨᠠᠶᠮᠠᠨ ᠬᠣᠰᠢᠭᠤᠨ ᠤ ᠪᠣᠷᠣᠬᠤᠰᠢᠭᠤ ᠰᠦᠮ᠎ᠡ ᠶᠢᠨ ᠳᠥᠷᠪᠡᠳᠦᠭᠡᠷ ᠦᠶ᠎ᠡ ᠶᠢᠨ ᠬᠥᠮᠦᠨ ᠪᠣᠯᠤᠨ᠎ᠠ ᠂ ᠲᠤᠬᠠᠶ ᠶᠢᠨ ᠣᠶᠢᠶ᠎ᠠ ᠳᠤ ᠱᠠᠰᠢᠨ ᠰᠤᠷᠲᠠᠬᠤᠨ ᠤ ᠡᠲᠡᠭᠡᠳ ᠦᠨ ᠳᠣᠲᠣᠷ᠎ᠠ ᠣᠨᠴᠠ ᠡᠷᠬᠡ ᠲᠡᠶ ᠪᠠᠶᠢᠭᠰᠠᠨ ᠢᠶᠠᠷ ᠪᠠᠷᠠᠬᠤ ᠦᠭᠡᠢ ᠂ ᠵᠠᠰᠠᠭ ᠨᠣᠶᠠᠨ ᠤ ᠲᠠᠯ᠎ᠠ ᠪᠡᠷ ᠴᠤ ᠵᠣᠬᠢᠬᠤ ᠡᠷᠬᠡ ᠲᠡᠶ ᠪᠠᠶᠢᠵᠠᠶ ᠃ ᠲᠡᠷᠡ ᠡᠷᠳᠡᠮ ᠮᠡᠳᠡᠯᠭᠡ ᠥᠷᠭᠡᠨ ᠳᠡᠯᠭᠡᠷ ᠪᠣᠯᠬᠣᠷ ᠡᠯᠪᠡᠭ ᠳᠡᠯᠪᠡᠭ ᠦᠷ᠎ᠡ ᠪᠦᠲᠦᠭᠡᠯ ᠣᠯᠵᠤ ᠂ ᠮᠣᠩᠭᠣᠯ ᠸᠠᠩ ᠭᠦᠩ ᠢᠵᠠᠭᠤᠷᠲᠠᠨ ᠨᠠᠷ ᠤᠨ ᠳᠤᠮᠳᠠ ᠨᠡᠯᠢᠶᠡᠳ ᠥᠨᠳᠥᠷ ᠪᠠᠶᠢᠷᠢ ᠰᠠᠭᠤᠷᠢ ᠪᠠ ᠨᠥᠯᠥᠭᠡ ᠬᠦᠷᠲᠡᠭᠰᠡᠨ ᠪᠠᠶᠢᠨ᠎ᠠ ᠃ ᠪᠤᠳ᠋ᠳ᠋ᠾᠠ ᠶᠢᠨ ᠱᠠᠰᠢᠨ ᠬᠢᠭᠡᠳ ᠡᠮ ᠡᠮᠨᠡᠯᠭᠡ ᠶᠢᠨ ᠮᠡᠳᠡᠯᠭᠡ ᠨᠢ ᠨᠡᠯᠢᠶᠡᠳ ᠪᠠᠶᠠᠯᠢᠭ ᠪᠠᠶᠢᠵᠤ ᠂ ᠮᠣᠩᠭᠣᠯ ᠂ ᠲᠥᠪᠡᠳ ᠂ ᠬᠢᠲᠠᠳ ᠂ ᠮᠠᠨᠵᠤ ᠂ ᠰᠠᠨᠰᠺᠷᠢᠲ ᠦᠭᠡ ᠬᠡᠯᠡ ᠦᠰᠦᠭ ᠪᠢᠴᠢᠭ ᠲᠦ ᠨᠡᠪᠲᠡᠷᠡᠭᠰᠡᠨ ᠪᠠᠶᠢᠨ᠎ᠠ ᠃