ᠢᠰᠢᠳᠠᠨᠽᠢᠨᠸᠠᠩᠵᠢᠯ

︵1853~1906︶

ᠲᠣᠪᠴᠢ ᠨᠠᠮᠲᠠᠷ᠄

7 ᠨᠠᠰᠤᠲᠠᠶ ᠳᠠᠭᠠᠨ ᠣᠷᠳᠣᠰ ᠵᠢᠶᠦ᠋ᠨ ᠸᠠᠩ ᠤᠨ ᠬᠣᠰᠢᠭᠤ ︵ ᠣᠳᠣ ᠶᠢᠨ ᠡᠵᠡᠨ ᠬᠣᠷᠣᠭ᠎ᠠ ᠬᠣᠰᠢᠭᠤ ︶  ᠶᠢᠨ ᠭᠦᠩ ᠵᠤᠤ ᠰᠦᠮ᠎ᠡ ︵ ᠴᠢᠤᠸᠠᠨ ᠹᠦ᠋ ᠵᠢᠩ ᠰᠧ ᠰᠦᠮ᠎ᠡ ︶  ᠶᠢᠨ ᠱᠠᠪᠯᠤᠨ ᠷᠠᠰᠠᠩ ᠲᠠᠪᠤᠳᠤᠭᠠᠷ ᠳᠦᠷᠢ ᠶᠢᠨ ᠱᠠᠪᠢ ᠪᠣᠯᠵᠤ ᠂ ᠮᠣᠩᠭᠣᠯ ᠂ ᠲᠥᠪᠡᠳ ᠵᠢᠴᠢ ᠡᠮᠨᠡᠯᠭᠡ ᠶᠢᠨ ᠤᠬᠠᠭᠠᠨ ᠢ ᠰᠤᠷᠴᠤ ᠂ 15 ᠨᠠᠰᠤᠲᠠᠶ ᠳᠠᠭᠠᠨ ᠮᠣᠩᠭᠣᠯ ᠂ ᠲᠥᠪᠡᠳ ᠬᠣᠶᠠᠷ ᠬᠡᠯᠡᠨ ᠦ ᠨᠣᠮ ᠰᠤᠳᠤᠷ ᠢ ᠰᠤᠷᠴᠤ ᠂ ᠮᠠᠰᠢ ᠶᠡᠬᠡ ᠠᠮᠵᠢᠯᠲᠠ ᠣᠯᠵᠤ ᠂ ᠰᠢᠯᠦᠭ ᠳᠠᠭᠤᠯᠠᠯ ᠢᠶᠠᠨ ᠵᠣᠬᠢᠶᠠᠨ ᠪᠦᠲᠦᠭᠡᠵᠦ ᠡᠬᠢᠯᠡᠪᠡ ᠃ 20 ᠨᠠᠰᠤᠲᠠᠶ ᠳᠠᠭᠠᠨ ᠣᠷᠳᠣᠰ ᠤᠨ 7 ᠬᠣᠰᠢᠭᠤᠨ ᠤ ᠡᠯ᠎ᠡ ᠰᠦᠮ᠎ᠡ ᠭᠡᠢᠳ ᠢ ᠲᠣᠭᠣᠷᠢᠨ ᠦᠵᠡᠵᠦ ᠂ ᠨᠣᠮ ᠰᠤᠳᠤᠷ ᠬᠡᠪᠯᠡᠵᠦ ᠂ ᠴᠠᠬᠠᠷ ᠂ ᠰᠢᠯᠢ ᠶᠢᠨ ᠭᠣᠸᠯ ᠂ ᠤᠯᠠᠭᠠᠨᠴᠠᠪ ᠵᠡᠷᠭᠡ ᠭᠠᠵᠠᠷ ᠢᠶᠠᠷ ᠲᠣᠭᠣᠷᠢᠨ ᠡᠮᠴᠢᠯᠡᠵᠦ ᠂ 《 ᠲᠥᠪᠡᠳ ᠬᠡᠯᠡᠨ ᠦ ᠲᠤᠷᠰᠢᠯᠭᠠᠲᠤ ᠵᠣᠷ 》 ᠂ 《 ᠬᠣᠪᠣᠷ ᠡᠷᠳᠡᠨᠢ ᠶᠢᠨ ᠲᠤᠷᠰᠢᠯᠭᠠᠲᠤ ᠵᠣᠷ 》 ᠂ 《 ᠲᠤᠷᠰᠢᠯᠭᠠᠲᠤ ᠵᠣᠷ ᠤᠨ ᠲᠡᠭᠦᠪᠦᠷᠢ 》 ᠂ 《 ᠠᠨᠠᠭᠠᠬᠤ ᠤᠬᠠᠭᠠᠨ ᠤ ᠳᠠᠭᠤᠤ ᠶᠢᠨ ᠤᠩᠰᠢᠯᠭ᠎ᠠ 》 ᠂ ᠡᠭᠦᠨ ᠦ ᠳᠦ ᠳᠣᠲᠣᠷ᠎ᠠ 《 ᠲᠤᠷᠰᠢᠯᠭᠠᠲᠤ ᠵᠣᠷ 》 ᠂ 《 ᠠᠨᠠᠭᠠᠬᠤ ᠤᠬᠠᠭᠠᠨ ᠤ ᠳᠠᠭᠤᠸ ᠶᠢᠨ ᠤᠩᠰᠢᠯᠭ᠎ᠠ 》  ᠶᠢ ᠳᠠᠭᠤᠸ ᠶᠢᠨ ᠮᠠᠭᠲᠠᠭᠤ  ᠪᠡᠷ ᠪᠢᠴᠢᠵᠡᠶ ᠃ ᠮᠣᠩᠭᠣᠯ ᠡᠮᠨᠡᠯᠭᠡ ᠶᠢᠨ ᠲᠡᠸᠬᠡᠨ ᠳᠡᠭᠡᠷ᠎ᠡ ᠠᠩᠬ᠎ᠠ ᠡᠭᠦᠳᠦᠭᠰᠡᠨ ᠶᠤᠮ ᠃ ᠢᠰᠢᠳᠠᠨᠸᠠᠩᠵᠢᠯ ᠭᠠᠳᠠᠭᠰᠢ ᠭᠠᠷᠴᠤ ᠡᠮᠴᠢᠯᠡᠵᠦ ᠪᠠᠶᠬᠤ ᠬᠤᠭᠤᠴᠠᠭᠠᠨ ᠳᠠᠭᠠᠨ ᠂ ᠥᠷᠭᠡᠨ ᠣᠯᠠᠨ ᠮᠣᠩᠭᠣᠯ ᠦᠨᠳᠦᠰᠦᠲᠡᠨ ᠦ ᠠᠷᠠᠳ ᠲᠦᠮᠡᠨ ᠦ ᠹᠧᠣᠳᠠᠯ ᠤᠨ ᠸᠠᠩ ᠭᠦᠩ ᠂ ᠨᠤᠲᠤᠭ ᠤᠨ ᠬᠠᠷᠭᠢᠰ ᠢᠵᠠᠭᠤᠷᠲᠠᠨ ᠨᠠᠷ ᠤᠨ ᠳᠠᠷᠤᠯᠠᠯ ᠮᠥᠯᠵᠢᠯ ᠦᠨ ᠪᠠᠶᠢᠳᠠᠯ ᠢ ᠨᠢᠳᠦ ᠪᠡᠷ ᠢᠶᠡᠨ ᠦᠵᠡᠵᠦ ᠂ ᠹᠧᠣᠳᠠᠯ ᠤᠨ ᠨᠣᠶᠠᠷᠬᠠᠯ ᠢ ᠡᠰᠡᠷᠭᠦᠴᠡᠭᠰᠡᠨ ᠮᠠᠭᠲᠠᠨ ᠳᠠᠭᠤᠯᠠᠭᠤᠰᠢᠲᠠᠶ ᠮᠠᠰᠢ ᠣᠯᠠᠨ ᠰᠢᠯᠦᠭ ᠳᠠᠭᠤᠯᠠᠯ ᠢ ᠪᠢᠴᠢᠵᠦ ᠂ ᠵᠣᠬᠢᠶᠠᠯ ᠪᠦᠲᠦᠭᠡᠯ ᠨᠢ ᠮᠠᠰᠢ ᠥᠷᠭᠡᠨ ᠳᠡᠯᠭᠡᠷᠡᠵᠦ ᠂ ᠮᠠᠰᠢ ᠶᠡᠬᠡ ᠨᠥᠯᠥᠭᠡ ᠭᠠᠷᠭᠠᠭᠰᠠᠨ ᠶᠤᠮ ᠂ ᠭᠣᠸᠯ ᠪᠦᠲᠦᠭᠡᠯ ᠨᠢ 《 ᠵᠢᠨᠢᠵᠤᠤᠷ · ᠢᠰᠢᠳᠠᠨᠵᠢᠨᠸᠠᠩᠵᠢᠯ  ᠤᠨ ᠰᠤᠷᠭᠠᠯ ᠰᠢᠯᠦᠭ 》 ᠪᠠᠶᠢᠵᠤ ᠂ ᠣᠳᠣ ᠦᠢᠯᠡᠳᠴᠦ ᠪᠠᠶᠭ᠎ᠠ ᠲᠠᠪᠤᠨ ᠪᠦᠯᠦᠭ ᠨᠡᠶᠢᠲᠡ 320 ᠮᠥᠷ ᠪᠤᠢ ᠃ ᠢᠰᠢᠳᠠᠨᠵᠢᠨᠸᠠᠩᠵᠢᠯ ᠨᠢ ᠰᠢᠯᠦᠭᠴᠢ ᠂ ᠡᠮ ᠦᠨ ᠰᠤᠳᠤᠯᠭᠠᠲᠠᠨ ᠲᠡᠳᠦᠶ ᠪᠢᠰᠢ ᠂ ᠪᠠᠰᠠ ᠨᠢᠭᠡᠨ ᠨᠥᠯᠥᠭᠡ ᠲᠡᠶ ᠤᠷᠠᠯᠢᠭᠴᠢᠨ ᠂ ᠪᠠᠷᠢᠯᠭ᠎ᠠ ᠶᠢᠨ ᠤᠬᠠᠭᠠᠨᠲᠠᠨ ᠪᠥᠭᠡᠳ ᠵᠢᠷᠤᠭ ᠵᠢᠷᠤᠬᠤ ᠂ ᠠᠯᠲᠠ ᠮᠥᠩᠭᠥᠨ ᠵᠡᠰ ᠵᠡᠷᠭᠡ ᠡᠯ᠎ᠡ ᠵᠦᠶᠯ ᠦᠨ ᠰᠠᠪᠠ ᠰᠠᠭᠠᠯᠢ ᠵᠢᠷᠤᠬᠤ ᠳᠠᠭᠠᠨ ᠴᠢᠳᠠᠮᠠᠭᠠᠶ ᠪᠠᠶᠳᠠᠭ ᠃ 1906 ᠣᠨ ᠳᠤ ᠢᠰᠢᠳᠠᠨᠵᠢᠨᠸᠠᠩᠵᠢᠯ ᠨᠠᠰᠤ ᠪᠠᠷᠠᠪᠠ ᠂ ᠲᠤᠬᠠᠶ ᠶᠢᠨ ᠵᠢᠯ 54 ᠨᠠᠰᠤᠲᠠᠶ ᠃

ᠣᠳᠣᠳ ᠤᠨ ᠭᠢᠯᠪᠠᠭ᠎ᠠ

ᠮᠢᠩᠭᠠᠨᠲᠤ
ᠢᠨᠵᠠᠨᠠᠰᠢ
ᠵᠠᠮᠪᠠᠯᠳᠣᠷᠵᠢ
ᠪ᠂ ᠷᠢᠨᠴᠢᠨ
ᠲᠡᠮᠭᠡᠲᠦ
ᠢᠰᠢᠳᠠᠨᠽᠢᠨᠸᠠᠩᠵᠢᠯ