ᠨᠣᠮ ᠤᠨ ᠣᠪᠣᠭ᠎ᠠ

3D ᠨᠣᠮ ᠤᠨ ᠣᠪᠣᠭ᠎ᠠ ᠶᠢ ᠦᠵᠡᠬᠦ

ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠧᠢ ᠶᠢᠨ ︽ᠳᠡᠯᠭᠡᠷᠡᠩᠬᠦᠢ ᠶᠡᠭᠡ ᠪᠤᠶᠠᠨᠲᠤ ᠨᠤᠮ ᠤᠨ ᠤᠪᠤᠭ᠎ᠠ︾ ᠪᠤᠯ ᠮᠤᠩᠭᠤᠯ ᠦᠨᠳᠦᠰᠦᠳᠡᠨ ᠤ ᠤᠪᠤᠭᠠᠨ ᠰᠤᠶᠤᠯ ᠤᠨ ᠤᠷᠤᠨ ᠭᠡᠮᠡᠭᠳᠡᠭᠰᠡᠨ ᠦᠤᠰᠢᠨ ᠨᠤᠳᠤᠭ ᠲᠤ ᠰᠢᠨ᠎ᠡ ᠪᠠᠷ ᠪᠤᠰᠤᠭᠰᠠᠨ ᠦᠪᠡᠷᠮᠢᠴᠡ ᠨᠢᠭᠡᠨ ᠤᠪᠤᠭ᠎ᠠ ᠶᠤᠮ᠃ 2010 ᠤᠨ ᠤ ᠪᠢᠯᠢᠭ ᠤᠨ ᠳᠤᠭᠠᠯᠠᠯ ᠤᠨ ᠳᠦᠷᠪᠡᠨ ᠰᠠᠷ᠎ᠠ ︵ᠤᠷᠳᠤᠰ ᠳᠤᠭᠠᠯᠠᠯ ᠤᠨ ᠳᠤᠯᠤᠭᠠᠨ ᠰᠠᠷ᠎ᠠ︶ ᠶᠢᠨ ᠠᠷᠪᠠᠨ ᠭᠤᠷᠪᠠᠨ ᠤ ᠡᠳᠦᠷ᠂ ᠦᠤᠰᠢᠨ ᠵᠤᠤ ᠬᠡᠶᠢᠳ ᠤᠨ ᠳᠠᠪᠤᠳᠤᠭᠠᠷ ᠳᠦᠷᠢ ᠶᠢᠨ ᠪᠤᠭᠳᠠ ᠭᠡᠭᠡᠨ ᠷᠠᠪᠳᠠᠨᠳᠤᠷᠵᠢ ᠪᠠᠷ᠂ ᠪᠠᠰᠤᠳ ᠤᠪᠤᠭᠳᠤ ᠠᠯᠳᠠᠨᠪᠢᠯᠢᠭ᠌᠂ ᠬᠠᠰᠪᠢᠯᠢᠭ᠌ ᠠᠬ᠎ᠠ ᠳᠡᠬᠦᠦ ᠬᠤᠶᠠᠷ ᠤᠨ ᠬᠦᠰᠡᠯᠲᠡ ᠪᠠᠷ ᠰᠦᠩᠰᠢᠭᠯᠡᠨ ᠷᠠᠪᠨᠠᠶᠢᠯᠠᠵᠤ᠂ ᠵᠢᠯ ᠪᠤᠯᠭᠠᠨ ᠳᠤᠭᠳᠠᠮᠠᠯ ᠳᠠᠬᠢᠯᠭ᠎ᠠ ᠬᠢᠬᠦ ᠪᠤᠯᠤᠭᠰᠠᠨ ᠶᠤᠮ᠃ ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠧᠢ ᠳᠤ ᠬᠠᠳᠠᠭᠠᠯᠠᠵᠤ ᠪᠦᠬᠦᠢ ᠨᠤᠮ ᠤᠳ ᠤᠨ ᠨᠡᠷ᠎ᠡ ᠶᠢ ᠰᠡᠶᠢᠯᠦᠭᠰᠡᠨ ᠴᠢᠯᠠᠭᠤᠳ ᠢᠶᠠᠷ ᠦᠷᠦᠨ ᠪᠤᠰᠬᠠᠵᠤ᠂ ᠨᠤᠮ ᠡᠷᠳᠡᠨᠢ ᠪᠠᠨ ᠳᠡᠭᠡᠳᠦᠯᠡᠨ ᠤᠪᠤᠭᠠᠨ ᠳᠠᠭᠠᠨ ᠰᠦᠰᠦᠭᠯᠡᠭᠴᠢ ᠮᠠᠯᠴᠢᠨ ᠮᠤᠩᠭᠤᠯᠴᠤᠳ ᠤᠨ ᠬᠢᠴᠢᠶᠡᠩᠬᠦᠢ ᠦᠨᠡᠨᠴᠢ ᠰᠡᠳᠬᠢᠯ ᠤᠨ ᠦᠷ᠎ᠡ ᠪᠠᠷ ᠨᠤᠮ ᠤᠨ ᠪᠤᠶᠠᠨ ᠳᠡᠯᠭᠡᠷᠡᠨ ᠨᠤᠮ ᠤᠨ ᠬᠡᠰᠢᠭ ᠲᠦᠬᠡᠬᠦ ᠪᠤᠯᠲᠤᠭᠠᠢ ᠭᠡᠮᠡᠨ ᠳᠠᠭᠠᠳᠬᠠᠭᠰᠠᠨ ᠤ ᠤᠴᠢᠷ᠎ᠠ ᠳᠡᠯᠭᠡᠷᠡᠩᠬᠦᠢ ᠶᠡᠭᠡ ᠪᠤᠶᠠᠨᠳᠤ ᠨᠤᠮ ᠤᠨ ᠤᠪᠤᠭ᠎ᠠ ᠭᠡᠵᠡᠢ᠃ 2015 ᠪᠠ 2018 ᠤᠨ ᠳᠤ ᠬᠤᠶᠠᠷ ᠤᠳᠠᠭ᠎ᠠ ᠵᠠᠰᠠᠨ ᠰᠢᠨᠡᠳᠭᠡᠪᠡ᠃ ᠵᠢᠯ ᠪᠤᠯᠭᠠᠨ ᠤ ᠪᠢᠯᠢᠭ ᠤᠨ ᠲᠤᠭᠠᠯᠠᠯ ᠤᠨ ᠳᠦᠷᠪᠡᠨ ᠰᠠᠷ᠎ᠠ ︵ᠤᠷᠳᠤᠰ ᠳᠤᠭᠠᠯᠠᠯ ᠤᠨ ᠳᠤᠯᠤᠭᠠᠨ ᠰᠠᠷ᠎ᠠ︶ ᠶᠢᠨ ᠠᠷᠪᠠᠨ ᠭᠤᠷᠪᠠᠨ ᠤ ᠡᠳᠦᠷ᠂ ᠬᠦᠮᠦᠰ ᠤᠪᠤᠭ᠎ᠠ ᠪᠠᠨ ᠳᠠᠬᠢᠭᠰᠠᠨ ᠤ ᠳᠠᠷᠠᠭ᠎ᠠ ᠪᠢᠯᠢᠭ ᠤᠨ ᠰᠠᠩ ᠨᠤᠮ ᠤᠨ ᠳᠠᠬᠢᠯᠭ᠎ᠠ ᠶᠢᠨ ᠤᠷᠳᠤᠨ ᠤ ᠡᠬᠦᠳᠡᠨ᠎ᠡ ᠴᠤᠭᠯᠠᠷᠠᠵᠤ ᠳᠡᠯᠭᠡᠷᠡᠩᠬᠦᠢ ᠶᠡᠭᠡ ᠨᠤᠮ ᠤᠨ ᠳᠠᠬᠢᠯᠭ᠎ᠠ ᠬᠢᠳᠡᠭ᠃ ᠤᠷᠳᠤᠰ ᠨᠤᠳᠤᠭ ᠲᠤ ᠨᠤᠮ ᠪᠢᠴᠢᠭ ᠢ ᠳᠡᠭᠡᠳᠦᠯᠡᠨ ᠳᠠᠬᠢᠬᠤ ᠤᠳᠠᠭᠠᠨ ᠤᠯᠠᠮᠵᠢᠯᠠᠯ ᠲᠠᠢ ᠪᠠᠶᠢᠭᠰᠠᠨ ᠪᠤᠯᠪᠠᠴᠤ ᠳᠦᠷᠦᠬᠦᠦ ᠵᠠᠭᠤᠨ ᠤ ᠵᠢᠷᠠᠭᠠᠳ ᠤᠨ ᠠᠴᠠ ᠬᠤᠶᠢᠰᠢ ᠵᠦᠢᠯ ᠵᠦᠢᠯ ᠤᠨ ᠰᠢᠯᠳᠠᠭᠠᠨ ᠠᠴᠠ ᠪᠤᠯᠵᠤ ᠤᠯᠠᠮᠵᠢᠯᠠᠯ ᠳᠠᠰᠤᠷᠠᠵᠠᠢ᠃ ᠪᠢᠯᠢᠭ ᠤᠨ ᠰᠠᠩ ᠨᠤᠮ ᠤᠨ ᠳᠠᠬᠢᠯᠭ᠎ᠠ ᠶᠢᠨ ᠤᠷᠳᠤᠨ ᠨᠢ ᠡᠨᠡ ᠬᠦ ᠡᠷᠬᠢᠮ ᠤᠯᠠᠮᠵᠢᠯᠠᠯ ᠢᠶᠠᠨ ᠰᠡᠷᠬᠦᠬᠡᠨ ᠦᠷᠭᠡᠳᠭᠡᠭᠡᠳ ᠨᠤᠮ ᠳᠠᠬᠢᠬᠤ᠂ ᠨᠤᠮ ᠬᠦᠷᠬᠡᠬᠦ᠂ ᠰᠢᠯᠢᠳᠡᠭ ᠤᠩᠰᠢᠭᠴᠢ ᠶᠢ ᠱᠠᠩᠨᠠᠨ ᠬᠦᠬᠢᠬᠦᠯᠬᠦ ᠵᠡᠷᠭᠡ ᠤᠯᠠᠨ ᠠᠭᠤᠯᠭ᠎ᠠ ᠶᠢ ᠪᠠᠭᠳᠠᠭᠠᠭᠰᠠᠨ ᠳᠡᠯᠬᠡᠷᠡᠩᠬᠦᠢ ᠶᠡᠭᠡ ᠨᠤᠮ ᠤᠨ ᠳᠠᠬᠢᠯᠭ᠎ᠠ ᠪᠤᠯᠭᠠᠭᠰᠠᠨ ᠨᠢ ᠡᠳᠦᠬᠡ ᠶᠢᠨ ᠮᠡᠳᠡᠯᠬᠡ ᠶᠢᠨ ᠴᠠᠭ ᠡᠷᠢᠨ ᠳᠠᠬᠢ ᠨᠤᠮ ᠪᠢᠴᠢᠭ ᠢ ᠡᠷᠬᠢᠮᠨᠡᠨ ᠳᠡᠭᠡᠳᠦᠯᠡᠬᠦ ᠲᠡᠷᠢᠬᠦᠨ ᠤ ᠤᠶᠢᠯᠠᠭᠠᠯᠳᠠ ᠶᠢ ᠬᠦᠢᠴᠡᠳ ᠬᠠᠷᠠᠭᠤᠯᠤᠭᠰᠠᠨ ᠪᠠᠶᠢᠨ᠎ᠠ᠃

ᠣᠪᠣᠭᠠᠨ ᠡᠵᠡᠳ

ᠪᠠᠰᠤᠳᠠᠢ ᠠᠯᠳᠠᠨᠪᠢᠯᠢᠭ᠌
ᠪᠠᠰᠤᠳᠠᠢ ᠠᠯᠳᠠᠨᠪᠢᠯᠢᠭ᠌

ᠪᠠᠰᠤᠳᠠᠢ ᠠᠯᠳᠠᠨᠪᠢᠯᠢᠭ᠌ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠪᠠᠶᠠᠨᠰᠢᠯᠢ ᠮᠠᠯᠵᠢᠯ ᠤᠨ ᠬᠤᠷᠰᠢᠶᠠᠨ ᠤ ᠮᠠᠯᠴᠢᠨ᠂ ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠧᠢ ᠶᠢᠨ ᠵᠠᠬᠢᠷᠤᠯ᠂ 1963 ᠤᠨ ᠳᠤ ᠲᠦᠷᠦᠭᠰᠡᠨ᠃ 1979 ᠤᠨ ᠳᠤ ᠠᠩᠬ᠎ᠠ ᠳᠤᠮᠳᠠᠳᠤ ᠳᠤ ᠪᠠᠶᠢᠬᠤ ᠳᠠᠭᠠᠨ ᠦᠦᠰᠢᠨ ᠬᠤᠰᠢᠭᠤᠨ ᠤ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠬᠢᠳᠠᠳ ᠪᠦᠬᠡ ᠶᠢᠨ ᠤᠷᠤᠯᠳᠤᠭᠠᠨ ᠳᠤ 48 ᠺᠢᠯᠦᠭᠷᠡᠮ ᠤᠨ ᠳᠡᠰ ᠲᠤ ᠳᠦᠷᠦᠬᠦᠯᠡᠵᠦ᠂ 1981 ᠤᠨ ᠳᠤ ᠶᠡᠭᠡ ᠵᠤᠤ ᠠᠶᠢᠮᠠᠭ ᠤᠨ ᠬᠢᠲᠠᠳ ᠪᠦᠬᠡ ᠶᠢᠨ ᠤᠷᠤᠯᠳᠤᠭᠠᠨ ᠳᠤ ᠦᠵᠦᠯᠡᠨ᠂ 1981-1982 ᠤᠨ ᠤ ᠬᠤᠭᠤᠷᠤᠨᠳᠤ ᠦᠪᠦᠷ ᠮᠤᠩᠭᠤᠯ ᠤᠨ ᠪᠦᠬᠡ ᠶᠢᠨ ᠠᠩᠬᠢ ᠳᠤ ᠪᠤᠯᠪᠠᠰᠤᠷᠠᠯ ᠬᠦᠯᠢᠶᠡᠵᠦ᠂ 1981᠂ 1982᠂ 1983 ᠤᠨ ᠳᠤ ᠶᠡᠭᠡ ᠵᠤᠤ ᠠᠶᠢᠮᠠᠭ ᠤᠨ ᠬᠤᠶᠠᠷ᠂ ᠭᠤᠷᠪᠠ᠂ ᠳᠦᠷᠪᠡᠳᠦᠭᠡᠷ ᠤᠳᠠᠭᠠᠨ ᠤ ᠳᠠᠮᠢᠷ ᠤᠨ ᠤᠷᠤᠯᠳᠤᠭᠠᠨ ᠳᠤ ᠦᠤᠰᠢᠨ ᠬᠤᠰᠢᠭᠤ ᠪᠠᠨ ᠲᠦᠯᠦᠭᠡᠯᠡᠨ ᠤᠷᠤᠯᠴᠠᠭᠠᠳ 48᠂ 52᠂ 62 ᠺᠢᠯᠦᠭᠷᠡᠮ ᠤᠨ ᠲᠡᠰ ᠲᠤ ᠲᠦᠷᠦᠬᠦᠯᠡᠵᠦ ᠪᠠᠶᠢᠪᠠ᠃ 1982 ᠤᠨ ᠳᠤ ᠰᠢᠯᠢ ᠶᠢᠨ ᠬᠤᠳᠠ ᠳᠤ ᠪᠤᠯᠤᠭᠰᠠᠨ ᠮᠤᠩᠭᠤᠯ ᠪᠦᠬᠡ ᠶᠢᠨ ᠠᠩᠬᠠᠳᠤᠭᠠᠷ ᠤᠳᠠᠭᠠᠨ ᠤ 1024 ᠪᠦᠬᠡ ᠶᠢᠨ ᠤᠷᠤᠯᠳᠤᠭᠠᠨ ᠳᠤ ᠶᠡᠭᠡ ᠵᠤᠤ ᠠᠶᠢᠮᠠᠭ ᠢᠶᠠᠨ ᠲᠦᠯᠦᠬᠡᠯᠡᠨ ᠤᠷᠤᠯᠴᠠᠭᠠᠳ᠂ ᠳᠤᠰ ᠵᠢᠯ ᠤᠨ ᠬᠢᠨᠢ ᠰᠡᠬᠦᠯᠴᠢ ᠪᠠᠷ ᠬᠦᠳᠡᠭᠡ ᠭᠡᠷ ᠲᠡᠭᠡᠨ ᠬᠠᠷᠢᠵᠤ ᠮᠠᠯ ᠬᠠᠷᠢᠭᠤᠯᠵᠠᠢ᠃ 1986 ᠤᠨ ᠳᠤ ᠭᠡᠷᠯᠡᠪᠡ᠃ 2009 ᠤᠨ ᠠᠴᠠ ᠡᠬᠢᠯᠡᠨ ᠪᠢᠯᠢᠭ ᠤᠨ ᠰᠠᠩ ᠮᠤᠩᠭᠤᠯ ᠨᠤᠮ ᠤᠨ ᠤᠷᠳᠤᠨ ᠪᠠ ᠨᠤᠮ ᠤᠨ ᠤᠪᠤᠭ᠎ᠠ ᠪᠤᠰᠬᠠᠬᠤ ᠠᠵᠢᠯ ᠢᠶᠠᠨ ᠡᠬᠢᠯᠡᠬᠦᠯᠵᠦ᠂ 2010 ᠤᠨ ᠳᠤ ᠪᠠᠶᠠᠨ ᠰᠢᠯᠢ ᠮᠠᠯᠴᠢᠨ ᠠᠶᠢᠯ ᠤᠨ ᠰᠤᠶᠤᠯ ᠵᠢᠭᠤᠯᠴᠢᠯᠠᠯ ᠤᠨ ᠭᠠᠵᠠᠷ ᠢ ᠠᠵᠢᠯᠯᠠᠭᠤᠯᠵᠤ᠂ 2011 ᠤᠨ ᠠᠴᠠ ᠪᠢᠯᠢᠭ ᠤᠨ ᠰᠠᠩ ᠮᠤᠩᠭᠤᠯ ᠨᠤᠮ ᠬᠡᠪᠯᠡᠯ ᠤᠨ ᠮᠦᠽᠧᠢ ᠶᠢ ᠰᠠᠨᠠᠭᠠᠴᠢᠯᠠᠨ ᠪᠠᠶᠢᠭᠤᠯᠪᠠ᠃ ᠠᠯᠲᠠᠨᠪᠢᠯᠢᠭ᠌ ᠤᠨ ᠭᠡᠷ ᠪᠦᠯᠢ ᠨᠢ 2015 ᠤᠨ ᠳᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠭᠤᠷᠪᠠᠳᠤᠭᠠᠷ ᠬᠤᠭᠤᠴᠠᠭᠠᠨ ᠤ ︽ᠨᠤᠮ ᠤᠨ ᠪᠤᠶᠠᠨᠳᠤ ᠡᠷᠦᠬᠡ︾ ᠶᠢᠨ ᠰᠢᠯᠭᠠᠷᠠᠭᠤᠯᠤᠯᠳᠠ ᠳᠤ ︽ᠨᠤᠮ ᠤᠨ ᠪᠤᠶᠠᠨᠳᠤ ᠡᠷᠦᠬᠡ︾ ᠪᠠᠷ ᠨᠠᠷᠠᠶᠢᠳᠦᠭᠳᠡᠵᠦ᠂ 2016 ᠤᠨ ᠳᠤ ᠤᠷᠳᠤᠰ ᠬᠤᠳᠠ ᠶᠢᠨ ︽ᠨᠤᠮ ᠤᠨ ᠪᠤᠶᠠᠨᠳᠤ ᠡᠷᠦᠬᠡ︾ ᠪᠠᠷ ᠦᠨᠡᠯᠡᠭᠳᠡᠨ᠂ 2017 ᠤᠨ ᠳᠤ ᠪᠦᠬᠦ ᠤᠷᠤᠨ ᠤ ᠠᠩᠬᠠᠳᠤᠭᠠᠷ ᠬᠤᠭᠤᠴᠠᠭᠠᠨ ᠤ ︽ᠨᠤᠮ ᠤᠨ ᠱᠠᠲᠤ︾ ᠨᠤᠮ ᠤᠨ ᠪᠤᠶᠠᠨᠳᠤ ᠡᠷᠦᠬᠡ ᠶᠢᠨ ᠰᠢᠯᠭᠠᠷᠠᠭᠤᠯᠤᠯᠳᠠ ᠳᠤ ᠤᠷᠤᠨ ᠤ ᠳᠡᠰ ᠤᠨ ︽ᠨᠤᠮ ᠤᠨ ᠪᠤᠶᠠᠨᠳᠤ ᠡᠷᠦᠬᠡ︾ ᠪᠠᠷ ᠰᠤᠩᠭᠤᠭᠳᠠᠨ ᠬᠦᠬᠢᠬᠦᠯᠦᠭᠳᠡᠪᠡ᠃ ᠠᠯᠲᠠᠨᠪᠢᠯᠢᠭ᠌ 2016 ᠤᠨ ᠳᠤ ᠦᠤᠰᠢᠨ ᠬᠤᠰᠢᠭᠤᠨ ᠤ ᠳᠤᠰ ᠤᠨ ᠤ ᠦᠨᠳᠦᠰᠦᠨ ᠱᠠᠲᠤᠨ ᠤ ᠮᠦᠽᠧᠢ ᠶᠢᠨ ᠪᠦᠲᠦᠭᠡᠨ ᠪᠠᠶᠢᠭᠤᠯᠤᠯᠳᠠ ᠶᠢᠨ ᠲᠡᠷᠢᠬᠦᠨ ᠤ ᠬᠤᠪᠢ ᠬᠦᠮᠦᠨ ᠢᠶᠠᠷ ᠰᠤᠩᠭᠤᠭᠳᠠᠵᠤ᠂ 2017 ᠤᠨ ᠳᠤ ᠦᠪᠡᠷᠲᠡᠭᠡᠨ ᠵᠠᠰᠠᠬᠤ ᠤᠷᠤᠨ ᠤ ᠡᠬᠡ ᠬᠡᠯᠡ ᠪᠠᠨ ᠬᠠᠮᠠᠭᠠᠯᠠᠨ ᠤᠯᠠᠮᠵᠢᠯᠠᠭᠰᠠᠨ ᠲᠡᠷᠢᠬᠦᠨ ᠤ ᠬᠤᠪᠢ ᠬᠦᠮᠦᠨ᠂ ᠤᠷᠳᠤᠰ ᠬᠤᠳᠠ ᠶᠢᠨ ᠮᠤᠩᠭᠤᠯ ᠬᠡᠯᠡ ᠪᠢᠴᠢᠭ ᠰᠤᠷᠴᠤ ᠬᠡᠷᠡᠭᠯᠡᠭᠰᠡᠨ ᠲᠡᠷᠢᠬᠦᠨ ᠤ ᠬᠤᠪᠢ ᠬᠦᠮᠦᠨ᠂ ᠦᠤᠰᠢᠨ ᠬᠤᠰᠢᠭᠤᠨ ᠤ ᠳᠤᠰ ᠤᠨ ᠤ ᠤᠯᠠᠨ ᠨᠡᠶᠢᠳᠡ ᠶᠢᠨ ᠰᠤᠶᠤᠯ ᠤᠨ ᠦᠢᠯᠡᠴᠢᠯᠡᠭᠡᠨ ᠳᠤ ᠳᠤᠪᠤᠶᠢᠮ᠎ᠠ ᠵᠢᠳᠬᠦᠯ ᠭᠠᠷᠭᠠᠭᠴᠢ ᠪᠠᠷ ᠦᠨᠡᠯᠡᠭᠳᠡᠨ ᠱᠠᠩᠨᠠᠭᠳᠠᠭᠰᠠᠨ ᠪᠠᠶᠢᠨ᠎ᠠ᠃

ᠪᠠᠰᠤᠳᠠᠢ ᠬᠠᠰᠪᠢᠯᠢᠭ᠌
ᠪᠠᠰᠤᠳᠠᠢ ᠬᠠᠰᠪᠢᠯᠢᠭ᠌

ᠪᠠᠰᠤᠳᠠᠢ ᠬᠠᠰᠪᠢᠯᠢᠭ᠌1969 ᠤᠨ ᠳᠤ ᠲᠦᠷᠦᠭᠰᠡᠨ᠃ 1990 ᠤᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠠᠴᠠ ᠳᠡᠬᠦᠰᠴᠡᠢ᠃ ᠤᠷᠠᠨ ᠵᠤᠬᠢᠶᠠᠯ ᠤᠨ ᠪᠠᠴᠧᠯᠧᠷ᠂ ᠬᠢᠨᠠᠨ ᠨᠠᠶᠢᠷᠠᠭᠤᠯᠤᠭᠴᠢ᠂ ᠦᠪᠦᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠬᠡᠰᠢᠬᠦᠨ᠂ ᠦᠪᠦᠷ ᠮᠤᠩᠭᠤᠯ ᠤᠨ ᠤᠷᠠᠨ ᠵᠤᠬᠢᠶᠠᠯ ᠤᠷᠴᠢᠭᠤᠯᠤᠭᠴᠢᠳ ᠤᠨ ᠨᠡᠶᠢᠬᠡᠮᠯᠢᠭ ᠤᠨ ᠵᠦᠪᠯᠡᠭᠴᠢ᠂ ᠦᠪᠦᠷ ᠮᠤᠩᠭᠤᠯ ᠤᠨ ᠠᠩᠬᠠᠳᠤᠭᠠᠷ ᠤᠳᠠᠭᠠᠨ ᠤ ︽ᠠᠷᠪᠠᠨ ᠰᠢᠯᠢᠳᠡᠭ ᠨᠠᠶᠢᠷᠠᠭᠤᠯᠤᠭᠴᠢ︾ ᠶᠢᠨ ᠨᠢᠬᠡ᠂ ᠡᠳᠦᠭᠡ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ︽ᠴᠤᠯᠮᠤᠨ︾ ᠰᠡᠳᠬᠦᠯ ᠨᠠᠶᠢᠷᠠᠭᠤᠯᠬᠤ ᠬᠡᠯᠳᠡᠰ ᠤᠨ ᠡᠷᠬᠢᠯᠡᠭᠴᠢ ᠪᠠᠷ ᠠᠵᠢᠯᠯᠠᠵᠤ ᠪᠤᠢ᠃ ᠤᠷᠢᠳ ᠬᠤᠵᠢᠳ ︽ᠠᠮᠢᠳᠤᠷᠠᠯ ᠤᠨ ᠬᠤᠷᠳᠤᠨ ᠲᠡᠷᠭᠡ︾ ︵ᠰᠢᠯᠦᠭ ᠤᠨ ᠳᠡᠭᠦᠪᠦᠷᠢ᠂ ᠪᠤᠰᠤᠳ ᠲᠠᠢ ᠬᠠᠮᠳᠤᠷᠠᠭᠰᠠᠨ︶᠂ ︽ᠪᠠᠭ᠎ᠠ ᠬᠡᠦᠬᠡᠳ ᠤᠨ ᠰᠤᠨᠢᠷᠬᠠᠯ ᠤᠨ ᠬᠦᠲᠦᠴᠢ ︵1-8︶︾᠂ ︽ᠶᠠᠰᠢᠯ︾ ︵ᠪᠦᠲᠦᠬᠡᠯ ᠤᠨ ᠳᠡᠬᠦᠪᠦᠷᠢ᠂ ᠪᠤᠰᠤᠳ ᠲᠠᠢ ᠬᠠᠮᠳᠤᠷᠠᠭᠰᠠᠨ︶᠂ ︽ᠬᠡᠰᠢᠭᠪᠡᠲᠤ ᠶᠢᠨ ᠰᠢᠯᠦᠭ ᠵᠤᠬᠢᠶᠠᠯ ᠤᠨ ᠭᠠᠷ ᠪᠢᠴᠢᠮᠡᠯ ᠡᠬᠡ︾᠂ ︽ᠴᠢᠨ᠋ᠸ᠎ᠠ ᠲᠤᠲ᠋ᠧᠮ︾ ︵ᠪᠤᠰᠤᠳ ᠲᠠᠢ ᠬᠠᠮᠳᠤᠷᠠᠨ ᠮᠤᠩᠭᠤᠯᠴᠢᠯᠠᠭᠰᠠᠨ︶᠂ ︽ᠲᠦᠪᠡᠳ ᠭᠠᠷᠵᠢ︾ ︵ᠪᠤᠰᠤᠳ ᠲᠠᠢ ᠬᠠᠮᠲᠤᠷᠠᠨ ᠮᠤᠩᠭᠤᠯᠴᠢᠯᠠᠭᠰᠠᠨ︶᠂ ︽ᠴᠦᠯ ᠤᠨ ᠲᠠᠶᠢᠯᠭ᠎ᠠ︾ ︵ᠪᠤᠰᠤᠳ ᠲᠠᠢ ᠬᠠᠮᠲᠤᠷᠠᠨ ᠮᠤᠩᠭᠤᠯᠴᠢᠯᠠᠭᠰᠠᠨ︶᠂ ︽ᠹᠷᠠᠩᠺᠯᠢᠨ︾ ︵ᠮᠤᠩᠭᠤᠯᠴᠢᠯᠠᠭᠰᠠᠨ︶᠂ ︽ᠮᠧᠺᠠᠽᠢ ᠰᠲ᠋ᠢᠯᠸᠢᠯ︾ ︵ᠮᠤᠩᠭᠤᠯᠴᠢᠯᠠᠭᠰᠠᠨ︶᠂ ︽ᠰᠢᠨ᠎ᠡ ᠵᠠᠭᠤᠨ ᠤ ᠭᠠᠯ︾ ︵ᠮᠤᠩᠭᠤᠯᠴᠢᠯᠠᠭᠰᠠᠨ︶᠂ ︽ᠦᠯᠢᠭᠡᠷ ᠤᠨ ᠺᠯᠦ᠋ᠪ ︵1—4︶︾ ︵ᠪᠤᠰᠤᠳ ᠲᠠᠢ ᠬᠠᠮᠲᠤᠷᠠᠭᠰᠠᠨ︶ ᠵᠡᠷᠭᠡ ᠴᠦᠬᠡᠨ ᠪᠤᠰᠤ ᠨᠤᠮ ᠪᠦᠳᠦᠬᠡᠯ ᠲᠠᠢ᠃ ᠬᠤᠪᠢ ᠬᠦᠮᠦᠨ ᠤ ᠵᠤᠬᠢᠶᠠᠯ ᠪᠦᠲᠦᠬᠡᠯ ᠨᠢ ᠤᠷᠤᠨ ᠤ ︽ᠲᠠᠪᠤᠨ ᠨᠢᠬᠡ ᠢᠨᠵᠧᠨᠧᠷᠢᠩ︾ ᠤᠨ ᠱᠠᠩᠨᠠᠯ᠂ ᠦᠪᠡᠷᠲᠡᠭᠡᠨ ᠵᠠᠰᠠᠬᠤ ᠤᠷᠤᠨ ᠤ ᠤᠳᠬ᠎ᠠ ᠵᠤᠬᠢᠶᠠᠯ ᠤᠨ ᠵᠣᠬᠢᠶᠠᠨ ᠪᠦᠳᠦᠬᠡᠯᠭᠡ ᠶᠢᠨ ︽ᠰᠤᠯᠤᠩᠭ᠎ᠠ︾ ᠱᠠᠩᠨᠠᠯ᠂ ᠮᠤᠩᠭᠤᠯ ᠤᠷᠠᠨ ᠵᠤᠬᠢᠶᠠᠯ ᠤᠨ ︽ᠪᠤᠷᠵᠢᠭᠢᠨ︾ ᠱᠠᠩᠨᠠᠯ᠂ ᠳᠤᠮᠳᠠᠳᠤ ᠤᠯᠤᠰ ᠤᠨ ᠤᠮᠠᠷᠠᠲᠤ ᠤᠷᠤᠨ ᠤ ᠤᠳᠬ᠎ᠠ ᠵᠤᠬᠢᠶᠠᠯ ᠤᠨ ᠤᠨᠤᠯ ᠤᠨ ᠪᠦᠳᠦᠬᠡᠯ ᠤᠨ ᠬᠤᠶᠠᠳᠤᠭᠠᠷ ᠳᠡᠰ ᠤᠨ ᠱᠠᠩᠨᠠᠯ ᠵᠡᠷᠭᠡ ᠱᠠᠩᠨᠠᠯ ᠬᠦᠬᠢᠬᠦᠯᠦᠯ ᠳᠤᠰᠴᠤ ᠪᠠᠶᠢᠪᠠ᠃

ᠨᠣᠮ ᠤᠨ ᠣᠪᠣᠭᠠᠨ ᠤ ᠰᠢᠷᠢᠰ ᠠᠵᠢᠯᠯᠠᠭ᠎ᠠ

ᠵᠠᠮ ᠤᠨ ᠵᠦᠭᠯᠡᠭᠦᠷ